ᠬᠠᠪᠤᠲᠤ ᠬᠠᠰᠠᠷ᠎ ᠤᠨ ᠳᠣᠮᠣᠭХавт хасарын Домог ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠪᠤᠲᠤ ᠬᠠᠰᠠᠷ᠎ ᠤᠨ ᠳᠣᠮᠣᠭХавт хасарын Домог

ᠬᠠᠪᠤᠲᠤ ᠬᠠᠰᠠᠷ᠎ ᠤᠨ ᠳᠣᠮᠣᠭХавт хасарын Домог

ᠠᠩᠭᠢᠯᠠᠯ:ᠳᠣᠮᠣᠭ ᠦᠯᠢᠭᠡᠷ
2023-06-28

425

ᠬᠠᠪᠤᠲᠤ ᠬᠠᠰᠠᠷ᠎ ᠤᠨ ᠳᠣᠮᠣᠭ

   ᠨᠢᠭᠡᠨ ᠡᠳᠦᠷ ᠡᠵᠡᠨ ᠬᠠᠭᠠᠨ ᠮᠤᠨᠢ ᠠᠭᠤᠯᠠ ᠶ᠋ᠢ ᠡᠵᠡᠯᠡᠨ ᠠᠩ ᠠᠪᠠᠯᠠᠨ ᠶᠠᠪᠤᠵᠤ ᠪᠠᠢᠪᠠ᠃
ᠡᠵᠡᠨ ᠬᠠᠭᠠᠨ᠄ ᠬᠠᠷᠪᠤ
ᠡᠢᠬᠦ ᠬᠠᠭᠠᠨ ᠤ᠋ ᠳᠣᠲᠣᠷ᠎ᠠ ᠡᠪᠭᠦᠢᠴᠡᠵᠦ ᠵᠦᠩ ᠪᠢᠯᠢᠭᠴᠢ ᠱᠠᠭᠠᠵᠠᠭᠠᠢ ᠶ᠋ᠢ ᠠᠯᠠᠵᠤ᠂ ᠢᠷᠣ᠎ᠠ ᠶ᠋ᠢᠨ ᠮᠠᠭᠤ ᠣᠭᠣᠯᠢ ᠶ᠋ᠢ ᠲᠠᠯᠪᠢᠵᠤ᠂ ᠮᠢᠨᠦ ᠵᠠᠷᠯᠢᠭ ᠢ᠋ ᠵᠥᠷᠢᠴᠡᠪᠡ ᠭᠡᠮᠡᠨ ᠬᠠᠰᠠᠷ ᠢ᠋ ᠶᠠᠷᠢ ᠬᠣᠨᠣᠭ ᠢ᠋ᠶ᠋ᠠᠷ ᠶᠠᠯ᠎ᠠ ᠡᠳ᠋ᠯᠡᠭᠦᠯᠪᠡ᠃
   ᠲᠡᠷᠡ ( ᠣᠭᠣᠯᠢ ᠰᠢᠪᠠᠭᠤ ᠶ᠋ᠢ ᠵᠢᠭᠠᠵᠤ ᠪᠣᠢ ) ᠠᠭᠤᠯᠠᠨ ᠳ᠋ᠤ᠌ ᠳᠦᠷᠢ ᠪᠡᠨ ᠬᠤᠪᠢᠷᠠᠭᠠᠵᠤ ᠣᠭᠣᠯᠢ ᠰᠢᠪᠠᠭᠤ ᠪᠣᠯᠳᠠᠭ ᠡᠮᠡᠭᠡᠨ ᠰᠢᠮᠨᠤ ᠴᠢᠩᠭᠢᠰ ᠬᠠᠭᠠᠨ ᠤ᠋ ᠴᠡᠷᠢᠭ ᠦᠳ ᠢ ᠡᠰᠡᠷᠭᠦᠴᠡᠨ ᠬᠠᠷᠢᠶᠠᠯ ᠵᠦᠬᠡᠯ ᠲᠠᠯᠪᠢᠳᠠᠭ ᠪᠠᠢᠪᠠ᠃
   ᠡᠢᠨᠬᠦ ᠴᠡᠷᠢᠭ ᠦ᠋ᠳ ᠦ᠋ᠨ ᠳᠤᠮᠳᠠ ᠡᠪᠡᠳᠴᠢᠨ ᠳᠠᠬᠠᠯ ᠭᠠᠷᠴᠤ ᠪᠣᠢ ᠶ᠋ᠢ ᠡᠵᠡᠨ ᠬᠠᠭᠠᠨ ᠮᠡᠳᠡᠭᠡᠳ ᠬᠠᠷᠢᠶᠠᠯᠴᠢ ᠡᠮᠡᠭᠡᠨ ᠢ᠋ ᠣᠯᠵᠤ ᠬᠠᠷᠪᠤ ᠭᠡᠮᠡᠨ ᠵᠠᠷᠯᠢᠭ ᠪᠠᠭᠤᠯᠭᠠᠪᠠ᠃
   ᠴᠡᠷᠢᠭ ᠦ᠋ᠳ ᠬᠡᠳᠦᠢ ᠬᠠᠷᠪᠤᠭᠰᠠᠨ ᠪᠣᠯᠪᠠᠴᠤ ᠡᠮᠡᠭᠡᠨ ᠦ᠌ ᠪᠡᠶ᠎ᠡ ᠳ᠋ᠦ᠍ ᠵᠡᠪᠡ ᠦᠯᠦ ᠨᠡᠪᠲᠡᠷᠡᠬᠦ ᠲᠤᠯᠠ ᠡᠵᠡᠨ ᠬᠠᠭᠠᠨ ᠵᠠᠩᠵᠤᠨ ᠲᠦᠰᠢᠮᠡᠳ ᠨᠠᠷ ᠲᠠᠢ ᠪᠠᠨ ᠶᠠᠷᠢᠯᠴᠠᠨ ᠬᠠᠰᠠᠷ ᠢ᠋ᠶ᠋ᠠᠷ ᠬᠠᠷᠪᠤᠭᠤᠯᠬᠤ ᠪᠠᠷ ᠪᠣᠯᠪᠠ᠃
   ᠡᠢᠬᠦ ᠳᠠᠢᠰᠤᠨ ᠢ᠋ᠶ᠋ᠠᠨ ᠳᠠᠷᠤᠨ ᠳᠠᠷᠬᠠᠨ ᠴᠣᠯᠠ ᠪᠠᠨ ᠮᠠᠨᠳᠤᠭᠤᠯᠤᠭᠰᠠᠨ ᠬᠠᠰᠠᠷ ᠢ᠋ ᠡᠨᠡ ᠴᠠᠭ ᠠ᠋ᠴᠠ ᠬᠣᠢᠰᠢ ᠬᠠᠪᠤᠲᠤ ᠬᠠᠰᠠᠷ ᠭᠡᠮᠡᠨ ᠨᠡᠷᠡᠢᠳᠦᠭᠰᠡᠨ ᠭᠡᠳᠡᠭ᠃

   ᠦᠰᠦᠭ ᠬᠠᠲᠠᠭᠰᠠᠨ ᠨᠢ᠄ ᠬᠠᠪᠤᠷᠵᠢᠶ᠎ᠠ
   ᠦᠰᠦᠭ ᠠᠮᠢᠯᠠᠭᠤᠯᠤᠭᠰᠠᠨ ᠨᠢ᠄ ᠣᠳᠣᠨᠭᠡᠷᠡᠯ
   ᠬᠢᠨᠠᠭᠴᠢ᠄ ᠤᠶᠠᠬᠠᠨ