ᠮᠢᠨᠦ ᠪᠠᠬᠠᠷᠬᠠᠯ – ᠤᠶ᠋ᠢᠲᠤᠪ ᠦ᠋ᠨ ᠣᠴᠢᠨᠭᠠᠯ Миний бахархал – Ойдовийн Очингал
ᠮᠢᠨᠦ ᠪᠠᠬᠠᠷᠬᠠᠯ
ᠤᠶ᠋ᠢᠲᠤᠪ ᠦ᠋ᠨ ᠣᠴᠢᠨᠭᠠᠯ
ᠴᠢᠩᠭᠢᠰ ᠪᠣᠭᠳᠠ ᠡᠵᠡᠨ ᠬᠠᠭᠠᠨ ᠪ ᠮᠡᠨᠳᠦᠯᠡᠭᠰᠡᠨ ᠪᠠᠬᠠᠷᠬᠠᠯ
ᠴᠢᠩ ᠵᠣᠷᠢᠬᠲᠤ ᠮᠣᠩᠭᠣᠯ ᠦᠨᠲᠦᠰᠦᠲᠡᠨ ᠪ ᠦᠷᠭᠦᠯᠵᠢᠯᠡᠯ ᠦ᠋ᠨ ᠪᠠᠬᠠᠷᠬᠠᠯ
ᠴᠢᠨᠲᠠᠮᠤᠨᠢ ᠡᠷᠲᠡᠨᠢ ᠶᠡᠬᠡ ᠰᠣᠶᠣᠯ ᠦ᠋ᠨ ᠮᠥᠩᠬᠡ ᠶ᠋ᠢᠨ ᠪᠠᠬᠠᠷᠬᠠᠯ
ᠠᠶ᠋ᠢᠷᠠᠭ ᠲᠠᠷᠠᠭ ᠦ᠋ᠨ ᠪᠠᠬᠠᠷᠬᠠᠯ ᠲᠠᠢ ᠢᠲᠡᠭᠡᠨ ᠶ᠋ᠢᠡᠨ ᠳᠡᠭᠡᠲᠦᠯᠡᠨ ᠡᠷᠭᠦᠶ᠎ᠡ
ᠨᠠᠶ᠋ᠢᠷᠠᠭ ᠳᠠᠭᠤᠨ ᠪ ᠪᠠᠬᠠᠷᠬᠠᠯ ᠲᠠᠢ ᠰᠣᠶᠣᠯ ᠶ᠋ᠢᠠᠨ ᠥᠪᠯᠡᠨ ᠤᠯᠠᠮᠵᠢᠯᠠᠶ᠎ᠠ
ᠨᠠᠷᠭᠢᠶᠠᠨ ᠱᠤᠤᠭᠢᠶᠠᠨᠲᠤ ᠪᠠᠬᠠᠷᠬᠠᠯ ᠦ᠋ᠨ ᠬᠣᠷᠸ᠋᠎ᠠ ᠪᠠᠨ ᠰᠥᠭᠥᠲᠦᠨ ᠲᠠᠬᠢᠶ᠎ᠠ
ᠪᠠᠬᠠᠷᠬᠠᠯ ᠦ᠋ᠨ ᠰᠠᠶ᠋ᠢᠬᠠᠨ ᠵᠠᠩᠰᠢᠯ ᠶ᠋ᠢᠠᠨ ᠳᠠᠭᠤᠯᠠᠨ ᠳᠠᠭᠤᠯᠠᠨ ᠤᠶᠠᠩᠭᠠᠯᠠᠶ᠎ᠠ
ᠪᠠᠬᠠᠷᠬᠠᠯ ᠦ᠋ᠨ ᠤᠲᠤᠮᠲᠤ ᠮᠣᠩᠭᠣᠯ ᠲᠤᠭᠤᠷᠭᠠᠲᠠᠨ ᠶ᠋ᠢᠠᠨ ᠪᠢᠰᠢᠷᠡᠨ ᠳᠡᠭᠡᠲᠦᠯᠡᠶᠡ
ᠪᠠᠬᠠᠷᠬᠠᠯ ᠦ᠋ᠨ ᠭᠠᠯ ᠭᠣᠯᠣᠮᠲᠠ ᠲᠠᠢ ᠲᠡᠦᠬᠡ ᠪᠡᠨ ᠪᠠᠲᠠᠷᠠᠭᠤᠯᠤᠨ ᠠᠰᠠᠭᠠᠶ᠎ᠠ
2022᠂11᠂24
ᠮᠣᠩᠭᠣᠯ ᠪᠠᠬᠠᠷᠬᠠᠯ ᠦ᠋ᠨ ᠡᠲᠦᠷ ᠦ᠋ᠳ ᠶ᠋ᠢᠡᠷ
ᠰᠢᠷᠡᠭᠡ ᠶ᠋ᠢᠨ ᠭᠣᠣᠯ ᠳ᠋ᠤ᠌ ᠪᠢᠴᠢᠪᠡ᠃
ᠦᠰᠦᠭ ᠠᠮᠢᠯᠠᠭᠤᠯᠤᠭᠴᠢ᠄ ᠲᠣᠲᠣᠭᠡᠷᠡᠯ
ᠦᠰᠦᠭ ᠬᠢᠨᠠᠭᠴᠢ᠄ ᠣᠤᠠᠬᠠᠨᠰᠣᠠ᠋
