ᠨᠣᠮ ᠦ᠋ᠨ ᠭᠡᠭᠡ – ᠣ · ᠣᠴᠢᠨᠭᠠᠯ Номын гэгээ – О . Очингал
ᠨᠣᠮ ᠦ᠋ᠨ ᠭᠡᠭᠡ
ᠣ · ᠣᠴᠢᠨᠭᠠᠯ
ᠠᠯᠠᠭᠬᠠᠨ ᠬᠣᠷᠸ᠋᠎ᠠ ᠳ᠋ᠤ᠌ ᠨᠣᠮ ᠦ᠋ᠨ ᠭᠡᠭᠡ ᠪᠤᠶᠠᠨ ᠲᠠᠢ
ᠠᠮᠢᠲᠤᠷᠠᠯ ᠦ᠋ᠨ ᠵᠠᠮ ᠳ᠋ᠤ᠌ ᠨᠣᠮ ᠦ᠋ᠨ ᠭᠡᠭᠡ ᠬᠦᠨᠡᠰᠦ ᠲᠡᠢ
ᠠᠷᠢᠭᠤᠨ ᠦᠢᠯᠡᠰ ᠲᠦ ᠨᠣᠮ ᠦ᠋ᠨ ᠭᠡᠭᠡ ᠬᠠᠢᠷᠠᠲᠠᠢ
ᠠᠴᠢᠷ ᠦᠷᠡᠰ ᠲᠤ ᠨᠣᠮ ᠦ᠋ᠨ ᠭᠡᠭᠡ ᠪᠠᠭᠰᠢ ᠲᠠᠢ
ᠲᠩᠷᠢ ᠠ᠋ᠴᠠ ᠵᠠᠶᠠᠭᠠᠭᠰᠠᠨ ᠨᠣᠮ ᠦ᠋ᠨ ᠭᠡᠭᠡ
ᠲᠡᠭᠡᠭᠰᠢᠯᠡᠵᠤ ᠮᠠᠨᠳᠤᠬᠤ ᠨᠣᠮ ᠦ᠋ᠨ ᠭᠡᠭᠡ
ᠳᠡᠭᠡᠲᠦᠰ ᠦ᠋ᠨ ᠥᠪ ᠲᠡᠢ ᠨᠣᠮ ᠦ᠋ᠨ ᠭᠡᠭᠡ
ᠲᠡᠨᠢᠭᠦᠨ ᠪᠠᠶ᠋ᠢᠭᠠᠯᠢ ᠶ᠋ᠢᠨ ᠨᠣᠮ ᠦ᠋ᠨ ᠭᠡᠭᠡ
ᠨᠣᠮ ᠦ᠋ᠨ ᠭᠡᠭᠡ ᠤᠬᠠᠭᠠᠷᠠᠯ ᠬᠠᠢᠷᠠᠯᠠᠭᠰᠠᠨ ᠪᠤᠷᠬᠠᠨ
ᠨᠣᠮ ᠦ᠋ᠨ ᠭᠡᠭᠡ ᠣᠶᠤᠨ ᠨᠡᠭᠡᠭᠡᠭᠳᠡᠭᠦᠯᠬᠦ ᠤᠩᠰᠢᠬᠤ ᠲᠠᠷᠨᠢ
ᠨᠣᠮ ᠦ᠋ᠨ ᠭᠡᠭᠡ ᠴᠡᠪᠡᠷ ᠠᠷᠢᠭᠤᠨ ᠷᠠᠰᠢᠶᠠᠨ ᠤᠰᠤ
ᠨᠣᠮ ᠦ᠋ᠨ ᠭᠡᠭᠡ ᠥᠨᠢᠳᠡ ᠲᠠᠬᠢᠬᠤ ᠨᠣᠮ ᠦ᠋ᠨ ᠰᠢᠲᠦᠭᠡᠨ
2022᠂11᠂13
ᠰᠢᠷᠡᠭᠡ ᠶ᠋ᠢᠨ ᠭᠣᠣᠯ ᠳ᠋ᠤ᠌
ᠦᠰᠦᠭ ᠠᠮᠢᠯᠠᠭᠤᠯᠤᠭᠴᠢ᠄ ᠲᠣᠲᠣᠭᠡᠷᠡᠯ
ᠦᠰᠦᠭ ᠬᠢᠨᠠᠭᠴᠢ᠄ ᠣᠤᠠᠬᠠᠨᠰᠣ᠎ᠡ
