ᠰᠣᠶᠣᠯ - ᠠᠷᠲᠠᠢ Соёл - Артай ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠣᠶᠣᠯ - ᠠᠷᠲᠠᠢ Соёл - Артай

ᠰᠣᠶᠣᠯ - ᠠᠷᠲᠠᠢ Соёл - Артай

2023-06-28

452

ᠰᠣᠶᠣᠯ

               
               1

       《 ᠠᠪᠤ ᠨᠢ ᠨᠢᠭᠡ ᠨᠠᠰᠤᠨ ᠳ᠋ᠠᠭᠠᠨ ᠬᠠᠮᠢᠭ᠎ᠠ ᠶᠠᠪᠤᠭᠰᠠᠨ ᠦᠭᠡᠢ ᠶᠤᠮ ? ᠤᠲᠠᠢ ᠪᠠᠰᠠ ᠬᠦᠷᠦᠭᠰᠡᠨ ᠂ ᠡᠦᠲᠦ ᠴᠦ᠍ ᠭᠣᠮᠣᠳᠠᠯ ᠦᠭᠡᠢ ᠠ᠋ ! 》ᠭᠡᠵᠦ ᠨᠢᠭᠡ ᠡᠪᠦᠭᠡᠨ ᠭᠠᠶ᠋ᠢᠬᠠᠭᠤᠯᠤᠨ᠎ᠠ ᠂
                ᠰᠣᠶᠣᠯ ᠦᠭᠡᠢ  ᠶ᠋ᠢᠨ ᠬᠢ᠃
       ᠠᠷᠠᠭ᠎ᠠ ᠪᠠᠨ ᠬᠦᠷᠲᠡᠯ᠎ᠡ ᠵᠡᠪᠰᠡᠭᠯᠡᠭᠰᠡᠨ ᠳᠠᠢᠰᠤᠨ ᠤ᠋ ᠰᠤᠮᠤ ᠥᠭᠡᠳᠡ ᠂ 《ᠠᠯᠠ ᠠ᠋ ! 》 ᠭᠡᠳ  ᠠᠷᠪᠠᠨ ᠰᠠᠯᠠᠭ᠎ᠠ ᠴᠡᠷᠢᠭ ᠢ᠋ᠶ᠋ᠡᠨ   ᠬᠤᠷᠤᠢᠯᠳᠤᠵᠤ ᠣᠷᠣᠭᠠᠳ ᠠᠯᠠᠭᠳᠠᠴᠢᠬᠠᠵᠠᠢ ᠂ ᠪᠦᠭᠦᠳᠡᠭᠡᠷ  ᠢ᠋ᠶ᠋ᠡᠨ ᠂ ᠲᠤᠢᠯ ᠤ᠋ᠨ ᠡᠷᠡᠯᠬᠡᠭ ᠪᠠᠭᠠᠲᠤᠷᠯᠢᠭ  ᠢ᠋ᠶ᠋ᠠᠷ ᠃
                ᠰᠣᠶᠣᠯ ᠦᠭᠡᠢ ᠶ᠋ᠢᠨ ᠬᠢ᠃
      ᠮᠣᠩᠭᠣᠯ ᠭᠡᠷ ᠲᠦ᠍ ᠳᠥᠷᠪᠡᠨ ᠬᠡᠦᠬᠡᠳ ᠭᠤᠷᠪᠠᠨ ᠪᠠᠨᠲᠣᠣᠲ᠋ ᠢ᠋ ᠴᠢᠷᠦᠴᠢᠭᠡᠳ ᠴᠢᠴᠧ ᠪᠣᠯᠭᠠᠵᠤ ᠨᠠᠭᠠᠳᠴᠤ ᠪᠠᠢᠬᠤ ᠶ᠋ᠢ ᠪᠢ ᠦᠵᠡᠯ᠎ᠡ ᠃
                ᠡᠨᠡ ᠪᠠᠶᠠᠨ ᠤ᠋ ᠬᠢ  ᠪᠢᠰᠢ ᠃
       ᠮᠠᠷᠭᠠᠰᠢ ᠶ᠋ᠢᠨ ᠨᠠᠶ᠋ᠢᠷ ᠲᠤ᠌  ᠮᠠᠨᠠᠭᠠᠷᠠᠵᠤ  ᠪᠠᠢᠲᠠᠯ᠎ᠠ ᠲᠣᠰᠣᠯᠠᠭᠤᠷ ᠨᠢ  ᠬᠥᠨᠳᠡᠢᠷᠡᠭᠡᠳ ᠮᠣᠲ᠋ᠣᠷ ᠨᠢ ᠵᠣᠭᠰᠣᠴᠢᠬᠠᠵᠠᠢ᠃ ᠮᠠᠨ ᠤ᠋ ᠬᠥᠮᠦᠨ ᠲᠡᠷᠡ ᠮᠠᠭᠤ ᠶᠠᠭᠤᠮ᠎ᠠ ᠶ᠋ᠢ ᠭᠠᠭᠴᠠᠬᠠᠨ ᠡᠭᠦᠷᠦᠭᠡᠳ ᠬᠠᠭᠠᠰ ᠵᠠᠮ ᠠ᠋ᠴᠠ ᠪᠠᠨ ᠬᠠᠷᠢᠭᠠᠳ ᠢᠷᠡᠴᠢᠬᠡᠵᠡᠢ ᠃
                ᠡᠨᠡ ᠴᠢᠳᠠᠯ ᠲᠠᠢ  ᠶ᠋ᠢᠨ ᠬᠢ  ᠪᠢᠰᠢ ᠃

               2

       《ᠵᠣᠪᠠᠯᠠᠩ ᠪᠣᠯᠠᠢ ᠂ ᠵᠣᠪᠠᠯᠠᠩ ᠁》 ᠭᠡᠵᠦ ᠴᠢᠨ ᠱᠢ ᠬᠤᠸᠠᠩ ᠤ᠋ᠨ ᠰᠦᠨᠡᠰᠦ ᠵᠡᠭᠡᠯᠢ ᠶ᠋ᠢᠨ ᠨᠣᠪᠰᠢᠨ ᠳᠣᠲᠣᠷ᠎ᠠ ᠠ᠋ᠴᠠ ᠤᠬᠢᠯᠠᠭ ᠠᠯᠳᠠᠵᠠᠢ ᠃
       《 ᠡᠪᠦᠭᠡ ᠪᠠᠭᠰᠢ ᠶᠠᠭᠤᠨ ᠳ᠋ᠤ᠌ ᠵᠣᠪᠠᠪᠠ? 》 ᠭᠡᠵᠦ ᠬᠣᠬᠢᠮᠠᠢ ᠶᠠᠰᠤᠨ ᠲᠣᠯᠣᠭᠠᠢ ᠵᠢᠶᠠᠩ ᠴᠢᠩ ᠦ᠋ᠨ ᠰᠦᠨᠡᠰᠦ ᠪᠥᠮᠪᠥᠷᠢᠵᠦ ᠢᠷᠡᠭᠡᠳ ᠠᠰᠠᠭᠤᠵᠠᠢ ᠃
       《ᠮᠤᠩᠬᠠᠭ ᠠᠷᠠᠳ ᠢ᠋ ᠵᠠᠷᠤᠵᠤ ᠪᠣᠯᠤᠮᠤᠢ᠂ ᠮᠡᠳᠡᠭᠦᠯᠵᠦ ᠡᠰᠡ ᠪᠣᠯᠤᠮᠤᠢ ᠃ ᠮᠤᠤᠰᠠᠢᠨ ᠠᠮᠢᠲᠠᠳ ᠡᠦᠲᠦ ᠪᠦᠷ ᠪᠢᠴᠢᠭ ᠪᠢᠯᠢᠭ ᠲᠡᠢ ᠪᠣᠯᠵᠤ ᠠᠮᠤᠢ ᠃ ᠡᠨᠡ ᠴᠢᠨᠢ ᠠᠶᠤᠯ ᠪᠣᠯᠠᠢ ᠂ ᠠᠶᠤᠯ᠎ ᠁ 》 ᠭᠡᠵᠦ ᠴᠢᠨ ᠎ᠦ ᠰᠦᠨᠡᠰᠦ ᠭᠤᠩᠰᠢᠵᠠᠢ ᠃
       《 ᠠᠶᠤᠯ ᠁ᠠᠶᠤᠯ᠎ ᠢ ᠴᠢᠨᠢ ᠮᠡᠳᠡᠭᠡᠳ ᠯᠡ ᠪᠢ ᠠᠷᠪᠠᠨ ᠵᠢᠯ ᠎ᠢᠶᠡᠷ ᠁ 》 ᠭᠡᠳ ᠬᠣᠬᠢᠮᠠᠢ ᠶᠠᠰᠤᠨ ᠲᠣᠯᠣᠭᠠᠢ ᠴᠠᠰᠢ ᠬᠡᠯᠡᠵᠦ ᠴᠢᠳᠠᠯ ᠦᠭᠡᠢ ᠮᠡᠭᠰᠢᠵᠡᠢ ᠃
       《  ᠨᠠᠮᠠᠶ᠋ᠢ ᠲᠡᠳᠡ ᠂ ᠴᠠᠭᠠᠵᠠ ᠶ᠋ᠢᠨ ᠭᠠᠵᠠᠷ ᠠᠪᠠᠴᠢᠵᠤ ᠫᠤᠤᠳᠠᠵᠤ ᠠᠯᠠᠬᠤ ᠪᠠᠷ ᠪᠠᠢᠨ᠎ᠠ ᠰᠢᠦ 》 ᠭᠡᠵᠦ ᠠᠭᠤᠰᠬᠢᠨ ᠤ᠋ ᠰᠦᠷᠢᠶ᠎ᠡ ᠪᠠᠺᠲ᠋ᠧᠷᠢ ᠲᠠᠭᠵᠢᠪᠠ ᠃
       《 ᠲᠡᠳᠡ ᠭᠡᠳᠡᠭ  ᠴᠢᠨᠢ ᠬᠡᠨ ᠪᠣᠢ? ᠶᠠᠭᠠᠬᠢᠭᠰᠠᠨ ᠠᠢᠬᠤᠪᠲᠤᠷ ᠶᠤᠮ?》 ᠭᠡᠵᠦ ᠬᠡᠷᠦᠬᠦ ᠡᠪᠡᠳᠴᠢᠨ ᠦ᠌ ᠪᠠᠺᠲ᠋ᠧᠷᠢ ᠎ᠶᠢᠨ ᠵᠢᠷᠦᠬᠡ ᠨᠢ ᠲᠦᠭᠰᠢᠪᠡ ᠃
       《ᠬᠡᠨ ᠪᠠᠢᠬᠤᠪ ᠂ ᠰᠣᠶᠣᠯ!》
       《ᠠ ⁈ 》
       《 ᠶᠠᠭᠠᠬᠢᠳᠠᠭ ᠪᠢᠯᠡ? ᠯᠠᠮ᠎ᠠ ᠭᠤᠷᠪᠠᠨ ᠡᠷᠳᠡᠨᠢ 》
       《 ᠪᠠᠢᠵᠠ ᠂ ᠪᠠᠢᠵᠠ ᠁ ᠣᠳᠣ ᠬᠥᠳᠡᠭᠡ ᠶᠠᠪᠤᠶ᠎ᠠ᠂ ᠮᠣᠩᠭᠣᠯ ᠭᠡᠷ ᠎ᠲᠦ ᠣᠴᠢᠶ᠎ᠠ ᠂ ᠲᠡᠨᠳᠡ ᠭᠠᠢᠭᠤᠢ ᠪᠠᠢᠬᠤ ᠁ 》
       《 ᠮᠢᠨᠦ ᠨᠠᠢᠵᠢ ᠨᠠᠷ ᠥᠭᠡᠷ᠎ᠡ ᠭᠠᠵᠠᠷ ᠪᠦᠷ ᠥᠩᠭᠡ ᠭᠡᠷᠡᠯ ᠲᠡᠢ ᠶᠠᠪᠤᠵᠤ ᠪᠠᠢᠨ᠎ᠠ ᠂ ᠬᠥᠳᠡᠯᠮᠦᠷᠢᠯᠡᠭᠡᠳ ᠃ ᠪᠢ ᠯᠡ ᠠᠳᠠ ᠪᠠᠨ ᠦᠬᠦᠭᠰᠡᠨ  ᠶᠤᠮ ᠰᠢᠭ ᠬᠡᠪᠲᠡᠭᠡᠳ 》 ᠭᠡᠵᠦ ᠡᠯᠡᠰᠦᠨ ᠦ᠌ ᠡᠷᠳᠡᠨᠢ ᠭᠣᠮᠣᠳᠠᠯ ᠢ᠋ᠶ᠋ᠠᠨ ᠲᠣᠭᠠᠴᠢᠯ᠎ᠠ ᠃
       《 ᠴᠢ ᠪᠠᠢᠲᠤᠭᠠᠢ ᠂ ᠨᠠᠮᠠᠶ᠋ᠢ ᠬᠢᠷᠢ ᠨᠢ ᠰᠠᠶᠢ ᠰᠠᠶᠢ ᠠ᠋ᠴᠠ ᠯᠠ ᠣᠢᠰᠢᠶᠠᠵᠤ ᠪᠠᠢᠨ᠎ᠠ ᠃ ᠲᠡᠭᠡᠬᠦ ᠳ᠋ᠡᠭᠡᠨ ᠪᠠᠰᠠ ᠢᠲᠡᠭᠡᠯ ᠮᠠᠭᠤᠳᠠᠶ᠎ ᠶᠤᠮ ᠪᠢᠯᠡ 》 ᠭᠡᠵᠦ ᠨᠠᠷᠠᠨ ᠤ᠋ ᠡᠨᠧᠷᠭᠢ ᠲᠣᠨᠢᠷᠬᠠᠵᠠᠢ ᠃
       《 ᠲᠠ ᠬᠣᠶᠠᠷ ᠪᠤᠤ ᠱᠤᠤᠭᠢᠯᠳᠤᠭᠠᠳ ᠪᠠᠢ ᠂ ᠪᠢ ᠣᠳᠣ ᠭᠤᠴᠢ ᠭᠠᠷᠤᠯ᠎ᠠ ᠂ ᠪᠠᠰᠠ ᠬᠤᠷᠢᠮᠯᠠᠭ᠎ᠠ ᠦᠭᠡᠢ 》 ᠭᠡᠵᠦ ᠰᠢᠨᠵᠢᠯᠡᠬᠦ ᠤᠬᠠᠭᠠᠨ ᠤ᠋ ᠲᠠᠢᠯᠪᠤᠷᠢᠯᠠᠭᠳᠠᠭ᠎ᠠ ᠦᠭᠡᠢ ᠣᠨᠢᠰᠣᠭ᠎ᠠ ᠬᠡᠲᠡᠷᠯᠡᠴᠢᠭᠡᠪᠡ ᠃

               3

       ᠤᠳᠬ᠎ᠠ᠎ ᠶᠢᠨ ᠰᠣᠬᠣᠷ ᠪᠣᠯ ᠪᠠᠯᠠᠷ ᠤ᠋ᠨ ᠬᠠᠷᠠᠩᠭᠤᠢ ᠭᠠᠩᠭ᠎ᠠ 
       ᠰᠤᠷᠭᠠᠭᠤᠯᠢ ᠪᠣᠯ ᠬᠥᠭᠥᠷᠭᠡ
       ᠰᠣᠶᠣᠯ ᠡᠨᠡ ᠬᠥᠭᠥᠷᠭᠡ ᠪᠡᠷ ᠲᠠᠯ᠎ᠠ ᠳ᠋ᠤ᠌ ᠂ ᠲᠠᠷᠢᠬᠢᠨ ᠳ᠋ᠤ᠌ ᠢᠷᠡᠳᠡᠭ ᠃
       ᠭᠠᠭᠴᠠ ᠮᠣᠳᠣᠨ ᠬᠥᠭᠥᠷᠭᠡ ᠪᠡᠷ ᠶᠠᠭᠠᠬᠢᠬᠤᠪ
       ᠭᠠᠵᠠᠷ ᠪᠦᠬᠦᠨ ᠳ᠋ᠦ᠍ ᠬᠥᠭᠥᠷᠭᠡ ᠲᠠᠯᠪᠢᠶ᠎ᠠ !
       ᠭᠠᠴᠢᠭᠳᠠᠵᠤ ᠪᠠᠢᠭ᠎ᠠ ᠪᠣᠢᠳᠠ ᠪᠥᠭᠯᠡᠭᠦᠦ ᠬᠣᠲᠠ ᠤᠰᠤ ᠤᠷᠤᠭᠤ ᠂
       ᠭᠠᠷ ᠤ᠋ᠨ ᠦᠰᠦᠭ ᠢ᠋ᠶ᠋ᠡᠨ ᠵᠢᠷᠤᠵᠤ ᠴᠢᠳᠠᠬᠤ ᠦᠭᠡᠢ ᠳᠣᠭᠣᠭᠢᠯᠠᠭᠤᠯᠵᠤ ᠪᠠᠢᠭ᠎ᠠ ᠵᠠᠯᠠᠭᠤ ᠤᠷᠤᠭᠤ
       ᠬᠥᠭᠥᠷᠭᠡ ᠲᠠᠯᠪᠢᠶ᠎ᠠ ! ᠬᠥᠭᠥᠷᠭᠡ ᠲᠠᠯᠪᠢᠵᠠᠭᠠᠶ᠎ᠠ !

               4

       ᠶᠠᠭᠤ ᠪᠤᠷᠤᠭᠤ ?
       《 ᠰᠡᠪ ᠯᠠ ᠭᠡᠪᠡᠯ ᠲᠡᠷᠡ ᠮᠠᠭᠤ ᠡᠷᠢᠶᠡᠨ ᠴᠣᠬᠣᠷ ᠢ᠋ᠶ᠋ᠠᠨ ᠪᠠᠷᠢᠭᠠᠳ ᠰᠠᠭᠤᠴᠢᠬᠠᠨ᠎ᠠ !》 ᠭᠡᠳ ᠪᠢᠴᠢᠭ ᠢ᠋ ᠪᠤᠯᠢᠶᠠᠭᠠᠳ ᠰᠢᠳᠡᠳᠡᠭ ᠴᠢᠨᠢ ᠪᠤᠷᠤᠭᠤ ᠂
       《 ᠰᠠᠪᠠᠷ ᠠᠪᠤᠭᠠᠳ ᠶᠠᠪᠤ ! ᠡᠮᠦᠨ᠎ᠡ ᠬᠣᠩᠬᠣᠷ ᠤ᠋ᠨ ᠠᠳᠤᠭᠤᠨ ᠤ᠋ ᠵᠣᠭᠰᠣᠭᠠᠯ  ᠢ᠋ ᠥᠭᠡᠷ᠎ᠡ ᠬᠥᠮᠦᠨ ᠲᠡᠭᠦᠴᠢᠬᠡᠯ᠎ᠡ 》ᠭᠡᠳ ᠬᠦᠦ ᠪᠡᠨ ᠬᠥᠭᠡᠭᠡᠭᠡᠳ ᠭᠠᠷᠭᠠᠳᠠᠭ ᠴᠢᠨᠢ ᠪᠤᠷᠤᠭᠤ ᠃
       《ᠬᠡᠦᠬᠡᠨ ᠶᠠᠭᠤᠮ᠎ᠠ ᠪᠢᠴᠢᠭ ᠲᠡᠢ ᠪᠣᠯᠤᠭᠠᠳ ᠶᠠᠭᠠᠬᠢᠬᠤᠪ 》 ᠭᠡᠵᠦ ᠪᠣᠳᠣᠳᠠᠭ ᠴᠢᠨᠢ ᠪᠤᠷᠤᠭᠤ ᠃
       《ᠬᠥᠮᠦᠨ ᠳ᠋ᠦ᠍ ᠣᠴᠢᠬᠤ ᠠ᠋ᠴᠠ ᠨᠢ ᠡᠮᠦᠨ᠎ᠡ ᠠᠮᠵᠢᠵᠤ ᠵᠠᠷᠤᠶ᠎ᠠ 》ᠭᠡᠳ ᠰᠤᠷᠭᠠᠭᠤᠯᠢ ᠠ᠋ᠴᠠ ᠨᠢ ᠵᠣᠭᠰᠣᠭᠠᠳᠠᠭ ᠴᠢᠨᠢ ᠪᠤᠷᠤᠭᠤ ᠃
       《 x.y  ᠪᠡᠷ ᠠᠮᠢ ᠪᠠᠨ ᠲᠡᠵᠢᠭᠡᠨ᠎ᠡ ᠦᠦ ᠂ ᠶᠠᠮᠠᠷ ? 》 ᠭᠡᠳ ᠠᠭᠰᠤᠷᠳᠠᠭ ᠴᠢᠨᠢ ᠪᠤᠷᠤᠭᠤ ᠃
       ᠠᠮᠢ ᠠᠮᠢ  ᠪᠠᠨ ᠲᠡᠵᠢᠭᠡᠬᠦ  ᠶᠢ ᠨᠢ ᠮᠡᠳᠡᠳᠡᠭ ᠦᠭᠡᠢ ᠴᠢᠨᠢ ᠨᠡᠩ ᠪᠤᠷᠤᠭᠤ ᠃
       ᠶᠠᠭᠤ ᠪᠤᠷᠤᠭᠤ ?
       ᠬᠡᠦᠬᠡᠳ ᠦ᠋ᠨ ᠨᠢᠳᠦ ᠶ᠋ᠢ ᠰᠣᠬᠣᠯᠠᠳᠠᠭ ᠴᠢᠨᠢ ᠪᠤᠷᠤᠭᠤ! ᠢᠷᠡᠭᠡᠳᠦᠢ ᠶ᠋ᠢᠨ ᠳᠠᠯᠠᠪᠴᠢ ᠶ᠋ᠢ ᠬᠤᠭᠤᠯᠳᠠᠭ ᠴᠢᠨᠢ ᠪᠤᠷᠤᠭᠤ ᠃

               5

      《ᠨᠣᠮ ᠪᠣᠯ ᠶᠢᠷᠲᠢᠨᠴᠦ ᠶ᠋ᠢ ᠬᠠᠷᠠᠬᠤ ᠴᠣᠩᠬᠣ 》
       ᠮᠠᠨᠠᠢᠬᠢᠨ ᠤ᠋ ᠳ᠋ᠤ᠌ ᠡᠦᠲᠦ
       ᠨᠣᠮ ᠴᠥᠭᠡᠨ ᠪᠠᠢᠨ᠎ᠠ ᠃
       ᠯᠣᠩᠬᠣ ᠠᠷᠪᠢᠨ ᠪᠠᠢᠨ᠎ᠠ  ᠃ 
       ᠬᠣᠲᠠ ᠬᠥᠳᠡᠭᠡ ᠦᠭᠡᠢ
       ᠬᠣᠷᠭᠣ ᠲᠠᠪᠰᠠᠭ ᠦᠭᠡᠢ
       ᠣᠲᠣᠷ ᠰᠠᠭᠤᠷᠢᠨ ᠦᠭᠡᠢ
       ᠴᠠᠭᠠᠨ ᠰᠣᠶᠣᠯ ᠂ ᠬᠠᠷ᠎ᠠ ᠠᠷᠢᠬᠢ ᠰᠢᠭ᠋
       ᠴᠢᠮᠠᠯᠠᠭᠳᠠᠵᠤ ᠂ ᠬᠠᠢᠷᠠᠯᠠᠭᠳᠠᠵᠤ
       ᠴᠢᠳᠠᠯ ᠰᠢᠯᠭᠠᠬᠤ ᠪᠠᠷᠢᠮᠵᠢᠶ᠎ᠠ ᠨᠢ ᠪᠣᠯᠵᠤ

       ᠨᠢ᠋ᠮᠡᠠ ᠵᠣᠪᠬᠢᠰ ᠲᠤ ᠲᠦᠭᠡᠮᠡᠯᠵᠡᠳᠦᠭᠡᠢ !
       ᠨᠠᠭᠠᠳᠤ ᠵᠠᠬ᠎ᠠ ᠳ᠋ᠠᠭᠠᠨ ᠃