ᠥᠷᠭᠡᠨ ᠲᠠᠮᠤᠴᠢ ᠶᠢᠨ ᠭᠠᠩ ᠢ ᠦᠭᠡ ᠪᠡᠷ ᠬᠡᠯᠡᠬᠦ ᠶᠢᠨ ᠠᠷᠭ᠎ᠠ ᠦᠭᠡᠢ - ᠵᠠᠯᠠᠢᠷᠳᠠᠢ ᠮᠥᠩᠬᠡᠲᠣᠭᠲᠠᠬᠤ Өргөн тамчийн ганг үгээр хэлэхийн аргагүй -  Залайртай  Мөнхтогтох ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠷᠭᠡᠨ ᠲᠠᠮᠤᠴᠢ ᠶᠢᠨ ᠭᠠᠩ ᠢ ᠦᠭᠡ ᠪᠡᠷ ᠬᠡᠯᠡᠬᠦ ᠶᠢᠨ ᠠᠷᠭ᠎ᠠ ᠦᠭᠡᠢ - ᠵᠠᠯᠠᠢᠷᠳᠠᠢ ᠮᠥᠩᠬᠡᠲᠣᠭᠲᠠᠬᠤ Өргөн тамчийн ганг үгээр хэлэхийн аргагүй -  Залайртай  Мөнхтогтох

ᠥᠷᠭᠡᠨ ᠲᠠᠮᠤᠴᠢ ᠶᠢᠨ ᠭᠠᠩ ᠢ ᠦᠭᠡ ᠪᠡᠷ ᠬᠡᠯᠡᠬᠦ ᠶᠢᠨ ᠠᠷᠭ᠎ᠠ ᠦᠭᠡᠢ - ᠵᠠᠯᠠᠢᠷᠳᠠᠢ ᠮᠥᠩᠬᠡᠲᠣᠭᠲᠠᠬᠤ Өргөн тамчийн ганг үгээр хэлэхийн аргагүй -  Залайртай  Мөнхтогтох

2023-06-27

294

ᠥᠷᠭᠡᠨ ᠲᠠᠮᠤᠴᠢ ᠶᠢᠨ ᠭᠠᠩ ᠢ ᠦᠭᠡ ᠪᠡᠷ ᠬᠡᠯᠡᠬᠦ ᠶᠢᠨ ᠠᠷᠭ᠎ᠠ ᠦᠭᠡᠢ


                  ᠵᠠᠯᠠᠢᠷᠳᠠᠢ  ᠮᠥᠩᠬᠡᠲᠣᠭᠲᠠᠬᠤ

 ᠬᠠᠮᠢᠭᠠᠰᠢ ᠪᠠᠨ ᠬᠠᠷᠠᠪᠠᠴᠤ ᠤᠪ ᠤᠯᠠᠢᠭᠠᠳ
 ᠬᠠᠢᠷ ᠴᠢᠯᠠᠭᠤᠨ ᠠᠴᠠ ᠨᠢ ᠤᠲᠤᠭ᠎ᠠ ᠤᠭᠤᠭᠢᠮᠠᠷ
 ᠵᠦᠭ ᠪᠦᠬᠦᠨ ᠳᠦ ᠴᠠᠪ ᠴᠡᠯᠡᠢᠭᠡᠳ
 ᠵᠢᠭᠦᠷᠲᠡᠨ ᠦ ᠰᠡᠭᠦᠳᠡᠷ ᠭᠠᠵᠠᠷ ᠲᠤ ᠨᠣᠴᠣᠮᠠᠷ

 ᠤᠯᠠᠢᠭᠰᠠᠨ ᠵᠢᠷᠤᠭ ᠢ ᠨᠢ ᠰᠦᠯᠵᠢᠶᠡᠨ ᠡᠴᠡ ᠬᠠᠷᠠᠬᠤ ᠳᠤ
 ᠤᠲᠠᠰᠤ ᠮᠢᠨᠢ ᠬᠦᠷᠲᠡᠯ᠎ᠡ ᠭᠠᠷ ᠢ ᠬᠠᠯᠠᠭᠠᠬᠤ ᠰᠢᠭ᠋
 ᠥᠷᠭᠡᠨ ᠲᠠᠮᠤᠴᠢ ᠶᠢᠨ ᠭᠠᠩ ᠤᠨ ᠪᠠᠢᠳᠠᠯ ᠢ
 ᠦᠭᠡ ᠪᠡᠷ ᠬᠡᠯᠡᠬᠦ ᠶᠢᠨ ᠠᠷᠭ᠎ᠠ ᠦᠭᠡᠢ

 ᠰᠥᠨᠢᠳ ᠦᠨ ᠭᠠᠩ ᠶᠡᠷᠦ ᠶᠢᠨ ᠭᠠᠩ ᠪᠢᠰᠢ
 ᠭᠠᠯ ᠭᠠᠷᠠᠭ ᠢ ᠪᠣᠳᠣᠭᠳᠠᠭᠤᠯᠤᠨ᠎ᠠ
 ᠰᠥᠨᠢᠳ ᠦᠨ ᠮᠠᠯᠴᠢᠳ ᠡᠩ ᠦᠨ ᠬᠥᠮᠦᠰ ᠪᠢᠰᠢ
 ᠭᠠᠩ ᠲᠡᠮᠦᠷ ᠢ ᠰᠠᠨᠠᠭᠳᠠᠭᠤᠯᠤᠨ᠎ᠠ

 ᠲᠠᠮᠤᠴᠢ ᠶᠢᠨ ᠡᠪᠡᠰᠦ ᠶᠡᠷᠦ ᠶᠢᠨ ᠡᠪᠡᠰᠦ ᠪᠢᠰᠢ
 ᠴᠣᠭ ᠳᠣᠲᠣᠷ᠎ᠠ ᠤᠷᠭᠤᠮᠠᠷ
 ᠲᠠᠮᠤᠴᠢ ᠶᠢᠨ ᠲᠠᠯ᠎ᠠ ᠡᠩ ᠦᠨ ᠨᠤᠲᠤᠭ ᠪᠢᠰᠢ
 ᠭᠠᠯ ᠳᠣᠲᠣᠷ᠎ᠠ ᠪᠥᠵᠢᠭᠯᠡᠮᠡᠷ

 ᠰᠡᠮᠡᠷᠬᠡᠢ ᠠᠯᠴᠢᠭᠤᠷ ᠰᠢᠭ᠋ ᠬᠡᠳᠦᠨ ᠡᠭᠦᠯᠡ ᠶᠢ ᠨᠢ
 ᠰᠠᠯᠬᠢ ᠲᠠᠭᠤᠭᠠᠳ ᠪᠠᠷ᠎ᠠ ᠦᠭᠡᠢ
 ᠰᠢᠪᠦᠭᠡᠨ ᠦ ᠦᠵᠦᠭᠦᠷ ᠰᠢᠭ᠌ ᠬᠡᠳᠦᠨ ᠡᠪᠡᠰᠦ ᠶᠢ ᠨᠢ
 ᠮᠠᠯ ᠬᠥᠭᠡᠭᠡᠭᠡᠳ ᠨᠢᠳᠦ ᠦᠭᠡᠢ

 ᠠᠭᠠᠭᠢᠮ᠎ᠠ ᠬᠠᠯᠠᠭᠤᠨ ᠰᠥᠨᠢᠳ ᠦᠨ ᠵᠤᠨ
 ᠬᠠᠲᠠᠭᠰᠠᠨ ᠪᠣᠷᠴᠠ ᠰᠢᠭ᠋ ᠬᠠᠭᠤᠷᠠᠢ
 ᠠᠶ᠎ᠠ᠂ ᠮᠢᠨᠦ ᠲᠠᠮᠤᠴᠢ ᠶᠢᠨ ᠲᠠᠯ᠎ᠠ
 ᠳᠤᠰᠤᠯ ᠪᠣᠷᠣᠭᠠᠨ ᠦᠭᠡᠢ ᠭᠠᠩ

 ᠥᠷᠭᠡᠨ ᠲᠠᠮᠤᠴᠢ ᠶᠢᠨ ᠭᠠᠩ ᠤᠨ ᠪᠠᠢᠳᠠᠯ ᠢ
 ᠦᠭᠡ ᠪᠡᠷ ᠬᠡᠯᠡᠬᠦ ᠶᠢᠨ ᠠᠷᠭ᠎ᠠ ᠦᠭᠡᠢ
 ᠰᠢᠪᠡᠷᠡᠭᠡᠳ ᠣᠷᠣᠬᠤ ᠪᠣᠷᠣᠭᠠᠨ ᠤ ᠡᠭᠦᠯᠡ ᠶᠢ
 ᠰᠥᠨᠢᠳ ᠤᠷᠤᠭᠤ ᠳᠥᠭᠥᠭᠦᠯᠦᠭᠡᠳ ᠥᠭᠭᠦᠭᠡᠴᠢ᠁

      ᠦᠰᠦᠭ ᠠᠮᠢᠯᠠᠭᠤᠯᠤᠭᠴᠢ᠄ ᠱᠠᠭᠰᠠᠯ
         ᠬᠢᠨᠠᠭᠴᠢ᠄ ᠣᠤᠠᠬᠠᠨᠰᠣ‌‍ᠠ᠋