ᠠᠷᠭ᠎ᠠ ᠦᠭᠡᠢ ᠰᠠᠢᠬᠠᠨ ᠠᠮᠠᠷᠠᠭ ᠤ᠋ᠳ- ᠬᠠᠷᠬᠠᠳᠠᠨ ᠷ᠂ ᠴᠢᠷᠮᠠᠢᠯᠳᠤАргагүй сайхан амрагууд-хархтан р, чармайлт
ᠠᠷᠭ᠎ᠠ ᠦᠭᠡᠢ ᠰᠠᠢᠬᠠᠨ ᠠᠮᠠᠷᠠᠭ ᠤ᠋ᠳ
ᠬᠠᠷᠬᠠᠳᠠᠨ ᠷ᠂ ᠴᠢᠷᠮᠠᠢᠯᠳᠤ
ᠮᠡᠳᠡᠯᠭᠡ ᠪᠡᠷ ᠥᠨᠳᠥᠷ ᠪᠣᠭᠣᠨᠢ ᠶ᠋ᠢ ᠰᠢᠯᠭᠠᠳᠠᠭ ᠦᠭᠡᠢ
ᠮᠡᠷᠭᠡᠨ ᠢ᠋ᠶ᠋ᠡᠷ ᠲᠡᠨᠡᠭ ᠮᠤᠨᠤᠭ ᠢ᠋ ᠲᠡᠩᠰᠡᠳᠡᠭ ᠦᠭᠡᠢ
ᠨᠠᠰᠤ ᠪᠠᠷ ᠶᠡᠬᠡ ᠪᠠᠭ᠎ᠠ ᠶ᠋ᠢ ᠢᠯᠭᠠᠳᠠᠭ ᠦᠭᠡᠢ
ᠨᠠᠮᠪᠠ ᠪᠠᠷ ᠡᠭᠡᠯ ᠶᠡᠷᠦᠮᠳᠡᠭ ᠢ᠋ ᠭᠠᠳᠠᠭᠤᠷᠴᠢᠯᠠᠳᠠᠭ ᠦᠭᠡᠢ᠃
ᠪᠣᠭᠣᠷᠴᠤ ᠲᠡᠮᠦᠵᠢᠨ ᠰᠢᠭ ᠠᠭᠲᠠ ᠶ᠋ᠢᠨ ᠡᠷᠢᠯ ᠳ᠋ᠦ᠍ ᠭᠠᠷᠤᠭᠰᠠᠨ ᠦᠭᠡᠢ ᠴᠦ᠍
ᠪᠢᠴᠢᠭ ᠦ᠋ᠨ ᠰᠢᠷᠡᠭᠡᠨ ᠳ᠋ᠦ᠍ ᠲᠣᠬᠣᠢ ᠨᠡᠢᠯᠡᠭᠦᠯᠦᠨ ᠰᠤᠷᠤᠯᠴᠠᠭᠰᠠᠨ
ᠪᠤᠯᠠᠭᠠᠨ ᠳᠠᠬᠤ ᠪᠠᠷ ᠪᠤᠲᠠᠷᠠᠭᠰᠠᠨ ᠭᠦᠷᠦᠨ ᠢ᠋ ᠨᠢᠭᠡᠳᠬᠡᠭᠰᠡᠨ ᠦᠭᠡᠢ ᠴᠦ᠍
ᠪᠢᠯᠢᠭ ᠦ᠋ᠨ ᠨᠢᠳᠦᠨ ᠳ᠋ᠦ᠍ ᠲᠤᠯᠭ᠎ᠠ ᠶ᠋ᠢᠨ ᠭᠠᠯ ᠢ᠋ᠶ᠋ᠠᠨ ᠳᠦᠷᠡᠯᠵᠡᠭᠦᠯᠦᠭᠰᠡᠨ
ᠠᠩᠭᠢ ᠶ᠋ᠢᠨ ᠣᠯᠠᠨ ᠨᠠᠢᠵᠠ ᠮᠢᠨᠢ
ᠠᠷᠭ᠎ᠠ ᠦᠭᠡᠢ ᠰᠠᠢᠬᠠᠨ ᠠᠮᠠᠷᠠᠭ ᠤ᠋ᠳ ᠮᠢᠨᠢ
ᠠᠨᠳᠠ ᠶ᠋ᠢᠨ ᠲᠠᠩᠭᠠᠷᠢᠭ ᠢ᠋ ᠳᠡᠭᠡᠳᠦᠯᠡᠭᠰᠡᠨ
ᠠᠵᠠ ᠶ᠋ᠢᠨ ᠲᠡᠭᠷᠢ ᠰᠢᠲᠦᠭᠡᠨ ᠮᠢᠨᠢ
ᠤᠭ ᠭᠠᠷᠤᠯ ᠢ᠋ ᠨᠢ ᠮᠥᠷᠳᠡᠪᠡᠯ ᠠᠭᠤᠰᠬᠢ ᠵᠢᠷᠦᠬᠡ ᠪᠡᠷ ᠢ᠋ᠶ᠋ᠡᠨ ᠬᠣᠯᠪᠣᠭ᠎ᠠ ᠲᠠᠢ
ᠤᠳᠤᠮ ᠲᠡᠦᠬᠡ ᠶ᠋ᠢ ᠨᠢ ᠶᠠᠷᠢᠪᠠᠯ ᠤᠬᠠᠭᠠᠨᠲᠤ ᠮᠣᠩᠭᠣᠯ ᠤᠭᠰᠠᠭ᠎ᠠ ᠲᠠᠢ
ᠤᠬᠤᠴᠢᠯᠠᠵᠤ ᠨᠠᠷᠢᠪᠴᠢᠯᠠᠵᠤ ᠠᠰᠠᠭᠤᠪᠠᠯ ᠤᠨᠠᠭᠠᠨ ᠨᠠᠢᠵᠠ ᠶ᠋ᠢᠨ ᠬᠠᠷᠢᠴᠠᠭ᠎ᠠ ᠲᠠᠢ
ᠤᠶᠠᠩᠭᠠᠯᠠᠵᠤ ᠡᠭᠡᠰᠢᠭᠯᠡᠵᠦ ᠳᠠᠭᠤᠯᠠᠪᠠᠯ ᠤᠨᠲᠠᠷᠠᠰᠢ ᠦᠭᠡᠢ ᠮᠥᠩᠬᠡ ᠶ᠋ᠢᠨ ᠵᠤᠯᠠ ᠲᠠᠢ᠃
ᠡᠷᠭᠦᠨ᠎ᠡ ᠬᠤᠨ ᠠ᠋ᠴᠠ ᠰᠣᠶᠣᠷᠬᠠᠭᠰᠠᠨ ᠬᠦᠳᠡᠷ ᠦ᠋ᠨ ᠬᠠᠢᠯᠤᠮᠠᠯ ᠲᠠᠮᠠᠭ᠎ᠠ ᠲᠠᠢ
ᠡᠵᠡᠨ ᠪᠣᠭᠳᠠ ᠠ᠋ᠴᠠ ᠵᠠᠬᠢᠭᠰᠠᠨ ᠬᠦᠰᠡᠯ ᠦ᠋ᠨ ᠠᠭᠤᠤ ᠬᠠᠷᠠᠯᠲᠠ ᠲᠠᠢ
ᠡᠷᠲᠡᠨ ᠡᠳᠦᠭᠡ ᠡᠴᠡ ᠤᠯᠠᠮᠵᠢᠯᠠᠭᠰᠠᠨ ᠬᠥᠮᠦᠨ ᠦ᠌ ᠡᠷᠬᠢᠮ ᠮᠥᠰᠥ ᠲᠡᠢ
ᠡᠰᠡᠨᠢᠯ ᠬᠥᠭᠵᠢᠯ ᠢ᠋ ᠬᠤᠷᠤᠢᠯᠠᠭᠰᠠᠨ ᠬᠦᠯᠦᠭ ᠦ᠋ᠨ ᠨᠢᠰᠭᠡ ᠳᠣᠪᠲᠣᠯᠭᠠᠨ ᠲᠠᠢ᠃
ᠠᠩᠭᠢ ᠶ᠋ᠢᠨ ᠣᠯᠠᠨ ᠨᠠᠢᠵᠠ ᠮᠢᠨᠢ
ᠠᠷᠭ᠎ᠠ ᠦᠭᠡᠢ ᠰᠠᠢᠬᠠᠨ ᠠᠮᠠᠷᠠᠭ ᠤ᠋ᠳ ᠮᠢᠨᠢ
ᠠᠨᠳᠠ ᠶ᠋ᠢᠨ ᠲᠠᠩᠭᠠᠷᠢᠭ ᠢ᠋ ᠳᠡᠭᠡᠳᠦᠯᠡᠭᠰᠡᠨ
ᠠᠵᠠ ᠶ᠋ᠢᠨ ᠲᠡᠭᠷᠢ ᠰᠢᠲᠦᠭᠡᠨ ᠮᠢᠨᠢ!
ᠦᠰᠦᠭ ᠬᠠᠲᠠᠵᠤ ᠠᠮᠢᠯᠠᠭᠰᠠᠨ ᠨᠢ᠄ ᠬᠠᠷᠬᠠᠲᠠᠨ ᠷ᠂ ᠴᠢᠷᠮᠠᠢᠯᠳᠤ
ᠬᠢᠨᠠᠭᠴᠢ᠄ ᠨᠤᠮᠤᠴᠢᠨ ᠪᠢᠯᠢᠭ
