ᠣᠶᠤᠨ ᠪᠢᠴᠢᠭᠯᠡᠭᠦᠷ – ᠮᠦᠩᠬᠡᠲ‍ᠠᠯᠠᠢ Оюун бичиглүүр – Мөнхдалай ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠶᠤᠨ ᠪᠢᠴᠢᠭᠯᠡᠭᠦᠷ – ᠮᠦᠩᠬᠡᠲ‍ᠠᠯᠠᠢ Оюун бичиглүүр – Мөнхдалай

ᠣᠶᠤᠨ ᠪᠢᠴᠢᠭᠯᠡᠭᠦᠷ – ᠮᠦᠩᠬᠡᠲ‍ᠠᠯᠠᠢ Оюун бичиглүүр – Мөнхдалай

2023-06-27

408

ᠣᠶᠤᠨ ᠪᠢᠴᠢᠭᠯᠡᠭᠦᠷ

            ᠮᠦᠩᠬᠡᠲ‍ᠠᠯᠠᠢ

 ᠣᠰᠤᠨ ᠲᠡᠯᠡᠮᠡᠭᠥᠨ ᠤᠷᠤᠰᠤᠮ᠎ᠠ ᠵᠢᠷᠣᠭ᠎ᠠ
 ᠤᠷᠭᠤᠭ᠎ᠠ ᠬᠡᠯᠡ ᠣᠶᠤᠨ ᠪᠢᠴᠢᠭᠯᠡᠭᠦᠷ
 ᠣᠳᠤᠮ ᠳᠠᠮᠵᠢᠨ ᠥᠨᠢᠳᠡ ᠮᠥᠩᠬᠡᠷᠡᠬᠦ
 ᠤᠬᠠᠭᠠᠨ ᠤ ᠪᠠᠭᠤᠴᠠ ᠣᠶᠤᠨ ᠪᠢᠴᠢᠭᠯᠡᠭᠦᠷ᠃

 ᠦᠬᠡᠷ ᠲᠡᠷᠭᠡᠨ ᠤ ᠠᠶᠠᠨ ᠤ ᠬᠠᠰᠠᠭ
 ᠦᠨᠡᠨ ᠤ ᠮᠦᠷᠳᠡᠯ ᠣᠶᠤᠨ ᠪᠢᠴᠢᠭᠯᠡᠭᠦᠷ
 ᠤᠯᠠᠮᠵᠢᠯᠠᠵᠤ ᠬᠥᠭᠵᠢᠭᠦᠯᠦᠨ ᠤᠷᠤᠭᠰᠢ ᠲᠠᠪᠰᠢᠬᠤ 
 ᠣᠮᠣᠭ ᠵᠢᠪᠬᠤᠭᠠᠲᠤ ᠣᠶᠤᠨ ᠪᠢᠴᠢᠭᠯᠡᠭᠦᠷ᠃

 ᠲᠡᠮᠡᠭᠡᠨ ᠵᠢᠩ ᠦ᠋ᠨ ᠲᠦᠷᠦᠭᠦᠦ ᠴᠤᠪᠤᠭ᠎ᠠ
 ᠲᠡᠭᠷᠢᠯᠢᠭ ᠰᠦᠷ ᠣᠶᠤᠨ ᠪᠢᠴᠢᠭᠯᠡᠭᠦᠷ
 ᠲᠢᠪ ᠳᠡᠯᠡᠬᠡᠢ ᠶ᠋ᠢᠨ ᠵᠠᠭᠠᠲ‍ᠠᠰᠤ ᠶ᠋ᠢ ᠬᠣᠯᠪᠣᠭᠰᠠᠨ
 ᠲᠡᠦᠬᠡᠨ ᠤ ᠬᠠᠭᠤᠳᠠᠰᠤ ᠣᠶᠤᠨ ᠪᠢᠴᠢᠭᠯᠡᠭᠦᠷ᠃

 ᠲᠠᠨᠠᠨ ᠰᠥᠷᠦᠭ ᠦ᠋ᠨ ᠰᠤᠪᠤᠷᠠᠭᠰᠠᠨ ᠬᠡᠯᠬᠢᠶ᠎ᠡ
 ᠲᠠᠩᠰᠤᠭ ᠪᠠᠶᠠᠨ ᠣᠶᠤᠨ ᠪᠢᠴᠢᠭᠯᠡᠭᠦᠷ
 ᠲᠠᠯ᠎ᠠ ᠶ᠋ᠢᠨ ᠮᠣᠩᠭᠣᠯ ᠦ᠋ᠨ ᠰᠦᠨᠡᠰᠦ ᠶ᠋ᠢ ᠠᠷᠭᠠᠮᠵᠢᠬᠰᠠᠨ
 ᠲᠠᠮᠠᠭᠠᠨ ᠪᠢᠴᠢᠭᠡᠰᠦ ᠣᠶᠤᠨ ᠪᠢᠴᠢᠭᠯᠡᠭᠦᠷ᠃

 ᠦᠭᠡ ᠬᠡᠯᠡᠨ ᠤ ᠲᠤᠰᠠᠭᠠᠷ ᠲᠣᠭᠲᠠᠨᠢᠯ ᠦ᠋ᠨ
 ᠦᠯᠵᠡᠢ ᠵᠠᠩᠭᠢᠶ᠎ᠠ ᠣᠶᠤᠨ ᠪᠢᠴᠢᠭᠯᠡᠭᠦᠷ
 ᠦᠰᠦᠭ ᠪᠢᠴᠢᠭ ᠦ᠋ᠨ ᠥᠪ ᠬᠥᠷᠥᠩᠭᠡ ᠶ᠋ᠢᠨ
 ᠦᠨᠡᠲᠦ ᠡᠷᠳᠡᠨᠢ ᠣᠶᠤᠨ ᠪᠢᠴᠢᠭᠯᠡᠭᠦᠷ᠃

 ᠣᠶᠤᠨ ᠪᠢᠴᠢᠯᠭᠡ ᠳ᠋ᠡᠭᠡᠨ ᠬᠤᠷᠠᠭᠰᠠᠨ
 ᠣᠮᠣᠭᠲᠤ ᠮᠣᠩᠭᠣᠯ ᠦ᠋ᠨ ᠬᠡᠶ᠋ᠢᠮᠣᠷᠢᠲᠤ ᠦᠷᠡᠰ ᠮᠢᠨᠢ
 ᠣᠷᠴᠢᠯᠠᠩ ᠦ᠋ᠨ ᠲᠣᠭᠣᠰᠣᠨ ᠳᠤ ᠳᠠᠷᠤᠭᠳᠠᠯ ᠦᠭᠡᠢ
 ᠣᠳᠣᠨ ᠪᠣᠯᠵᠤ ᠭᠢᠯᠠᠯᠵᠠᠵᠠᠭᠠᠶ᠎ᠠ!

 ᠴᠠᠬᠢᠮ ᠰᠦᠯᠵᠢᠶᠡᠨ ᠳ᠋ᠡᠭᠡᠨ ᠴᠤᠭᠯᠠᠷᠠᠭᠰᠠᠨ 
 ᠴᠣᠭᠲᠤ ᠮᠣᠩᠭᠣᠯ ᠦ᠋ᠨ ᠵᠣᠯᠪᠣᠭᠠᠲᠤ ᠬᠣᠶ᠋ᠢᠴᠢᠰ ᠮᠢᠨᠢ
 ᠴᠠᠭ ᠦ᠋ᠨ ᠬᠦᠷᠲ‍ᠦᠨ ᠡᠴᠡ ᠬᠣᠴᠣᠷᠤᠯ ᠦᠭᠡᠢ
 ᠴᠠᠬᠢᠯᠤᠨ ᠭᠡᠷᠡᠯᠲᠦᠨ ᠳᠠᠪᠰᠢᠵᠠᠭᠠᠶ᠎ᠠ!  

         ᠦᠰᠦᠭ ᠠᠮᠢᠯᠠᠭᠤᠯᠤᠭᠴᠢ᠄  ᠮᠦᠩᠬᠡᠲ‍ᠠᠯᠠᠢ 
         ᠬᠢᠨᠠᠭᠴᠢ᠄ ᠠᠵᠠᠵᠠᠶᠠᠬ᠋᠎ᠠ