ᠬᠡᠦᠬᠡᠨ ᠮᠢᠨᠢ - ᠠᠷᠲᠠᠢ Хүүхэн минь - Артай
ᠬᠡᠦᠬᠡᠨ ᠮᠢᠨᠢ
ᠬᠡᠦᠬᠡᠨ ᠮᠢᠨᠢ! ᠪᠢ ᠴᠢᠮᠠᠶ᠋ᠢ ᠬᠥᠲᠥᠯᠦᠭᠡᠳ ᠶᠠᠪᠤᠵᠤ ᠪᠠᠢᠨ᠎ᠠ ᠃
ᠬᠥᠷᠥᠰᠥᠲᠦ ᠳᠡᠯᠡᠬᠡᠢ ᠶ᠋ᠢ ᠬᠥᠲᠥᠯᠴᠢᠬᠡᠭᠰᠡᠨ ᠰᠢᠭ ᠰᠠᠨᠠᠭᠳᠠᠨ᠎ᠠ ᠰᠢᠦ ᠠᠪᠤ ᠳ᠋ᠤᠨᠢ ᠃
《 ᠠᠪᠤ ᠨᠠᠮᠠᠶ᠋ᠢ ᠬᠥᠲᠥᠯᠦᠭᠡᠳ ᠬᠥᠯ ᠳ᠋ᠦ᠍ ᠣᠷᠣᠭᠤᠯᠤᠭᠰᠠᠨ 》 ᠭᠡᠵᠦ ᠬᠣᠵᠢᠮ ᠪᠦᠦ ᠲᠡᠭᠡᠵᠦ ᠬᠡᠯᠡᠭᠡᠷᠡᠢ ᠬᠡᠦᠬᠡᠨ ᠮᠢᠨᠢ ᠃
ᠠᠯᠬᠤᠭᠠᠨ ᠳ᠋ᠤ᠌ ᠴᠢᠨᠢ ᠪᠦᠳᠦᠴᠢᠭᠦᠯᠵᠦ ᠪᠠᠢᠭᠰᠠᠨ ᠠᠩ ᠵᠠᠪᠰᠠᠷ ᠂ ᠠᠷᠵᠠᠭᠠᠷ ᠴᠢᠯᠠᠭᠤ ᠭᠣᠮᠣᠳᠠᠴᠢᠬᠠᠬᠤ ᠶᠤᠮ ᠰᠢᠦ ᠂ ᠬᠡᠦᠬᠡᠨ ᠮᠢᠨᠢ ᠃
ᠮᠢᠨᠦ ᠬᠡᠦᠬᠡᠨ ᠳ᠋ᠦ᠍ ᠨᠢᠭᠡ ᠡᠷᠢᠶᠡᠨ ᠪᠥᠮᠪᠥᠭᠡ ᠲᠡᠢ ᠂
ᠡᠷᠢᠶᠡᠨ ᠪᠥᠮᠪᠦᠭᠡᠨ ᠳ᠋ᠡᠭᠡᠨ ᠲᠤᠩ ᠬᠠᠢᠷᠠᠲᠠᠢ ᠃
ᠡᠬᠢᠯᠡᠭᠡᠳ ᠥᠩᠭᠡ ᠲᠠᠨᠢᠵᠤ ᠪᠠᠢ ᠭᠡᠵᠦ
ᠡᠨᠡ ᠪᠥᠮᠪᠥᠭᠡ ᠴᠢᠨᠢ ᠵᠢᠭᠠᠵᠤ ᠪᠠᠢᠨ᠎ᠠ ᠤᠤ ⁈
ᠠ᠋ ᠬᠥᠭᠡᠷᠦᠬᠦᠢ ᠬᠡᠦᠬᠡᠨ ᠮᠢᠨᠢ ᠂ ᠬᠣᠷᠸ᠋᠎ᠠ ᠪᠠᠰᠠ ᠡᠷᠢᠶᠡᠨ ᠰᠢᠦ !
ᠡᠷᠢᠶᠡᠨ ᠬᠣᠷᠸ᠎ᠠ ᠭᠠᠳᠠᠨ᠎ᠠ ᠪᠠᠨ ᠡᠷᠢᠶᠡᠨ ᠂ ᠳᠣᠲᠣᠷ᠎ᠠ ᠪᠠᠨ ᠪᠠᠰᠠ ᠡᠷᠢᠶᠡᠨ ᠰᠢᠦ !
ᠭᠠᠷ ᠢ᠋ᠶ᠋ᠠᠷ ᠢ᠋ᠶ᠋ᠠᠨ ᠪᠠᠷᠢᠪᠠᠯ ᠰᠢᠲᠠᠭᠠᠨ᠎ᠠ ᠭᠡᠵᠦ
ᠭᠠᠯ ᠴᠢᠮ᠎ᠠ ᠳ᠋ᠤ᠌ ᠵᠢᠭᠠᠬᠤ ᠪᠣᠢ ᠳᠠ ᠂ ᠬᠡᠦᠬᠡᠨ ᠮᠢᠨᠢ !
ᠦᠨᠡᠨ ᠭᠡᠵᠦ ᠡᠪᠦᠭᠡᠷᠡᠳᠡᠭ ᠦᠭᠡᠢ ᠪᠠᠭᠰᠢ ᠪᠣᠢ ᠶᠤᠮ ᠰᠢᠦ ᠂
ᠦᠭᠡ ᠶ᠋ᠢ ᠨᠢ ᠰᠠᠢᠬᠠᠨ ᠰᠣᠨᠣᠰᠴᠤ ᠶᠠᠪᠤᠭᠠᠷᠠᠢ ᠂ ᠬᠡᠦᠬᠡᠨ ᠮᠢᠨᠢ !
ᠠᠪᠤ ᠨᠢ ᠳᠤᠷᠠᠲᠠᠢ ᠠᠳᠠᠰᠬ᠎ᠠ ᠰᠢᠭ᠋ ᠲᠤᠷᠠᠵᠤ ᠠᠷᠤᠭ ᠰᠢᠭ᠋ ᠪᠥᠭᠲᠥᠢᠵᠦ
ᠠᠯᠢ ᠪᠣᠯᠬᠤ ᠪᠠᠷ ᠴᠢᠮᠠᠶ᠋ᠢ ᠬᠥᠮᠦᠨ ᠪᠣᠯᠭᠠᠵᠤ ᠲᠠᠯᠪᠢᠨ᠎ᠠ ᠃
ᠲᠡᠭᠡᠬᠦ ᠳ᠋ᠦ᠍ ᠬᠡᠦᠬᠡᠨ ᠮᠢᠨᠢ ᠬᠣᠵᠢᠮ ᠲᠣᠮᠣ ᠪᠣᠯᠴᠢᠬᠠᠭᠠᠳ ᠪᠤᠤ ᠯᠠ
《 ᠲᠡᠩᠬᠡᠭᠡ ᠮᠠᠭᠤᠳᠠᠬᠤ ᠳ᠋ᠠᠭᠠᠨ ᠠᠮᠤᠷ ᠬᠥᠨᠵᠢᠯᠡ ᠪᠡᠨ ᠬᠤᠴᠢᠭᠤᠯᠬᠤ ᠪᠠᠷ ᠯᠠ ᠮᠠᠨ ᠤ᠋ ᠠᠪᠤ
ᠲᠡᠭᠡᠭᠰᠡᠨ ᠪᠠᠢᠵᠤ ᠳᠠ 》 ᠭᠡᠴᠦ ᠪᠤᠷᠤᠭᠤ ᠣᠢᠯᠠᠭᠠᠭᠠᠷᠠᠢ !
《ᠲᠡᠷᠡ ᠶᠠᠭᠤ ᠪᠣᠢ ?》 ᠭᠡᠵᠦ ᠬᠡᠦᠬᠡᠨ ᠮᠢᠨᠢ ᠳᠡᠭᠡᠭᠰᠢ ᠵᠢᠭᠠᠯ᠎ᠠ ᠃
《 ᠲᠡᠷᠡ ᠤᠤ ? ᠡᠬᠡ ᠣᠷᠣᠨ ᠤ᠋ ᠴᠢᠨᠢ ᠴᠡᠯᠮᠡᠭ ᠬᠥᠬᠡ ᠲᠡᠭᠷᠢ ᠪᠠᠢᠨ᠎ᠠ ᠠ᠋ ᠂ ᠬᠡᠦᠬᠡᠨ ᠮᠢᠨᠢ ! 》
《 ᠳᠡᠭᠡᠷ᠎ᠡ ᠨᠢ ᠶᠠᠭᠤ ᠪᠠᠢᠨ᠎ᠠ ᠪᠣᠢ ? 》
《 ᠳᠡᠭᠡᠷ᠎ᠡ ᠨᠢ ᠡᠦᠲᠦ ᠪᠠᠢᠨ᠎ᠠ ᠂ ᠬᠡᠦᠬᠡᠨ ᠮᠢᠨᠢ ! 》
《 ᠡᠦᠲᠦᠨ ᠳᠡᠭᠡᠷ᠎ᠡ ᠶᠠᠭᠤ ᠪᠠᠢᠨ᠎ᠠ ᠪᠣᠢ ? 》
《 ᠁ᠣᠴᠢᠭᠰᠠᠨ ᠬᠣᠢᠨ᠎ᠠ ᠴᠢᠨᠢ ᠠᠪᠤ ᠨᠢ ᠴᠢᠮ᠎ᠠ ᠠ᠋ᠴᠠ ᠠᠰᠠᠭᠤᠶ᠎ᠠ ᠲᠠ ᠂ ᠬᠡᠦᠬᠡᠨ ᠮᠢᠨᠢ ! 》
ᠬᠡᠦᠬᠡᠨ ᠮᠢᠨᠢ ᠂ ᠪᠢ ᠴᠢᠨᠦ ᠲᠥᠯᠥᠭᠡ ᠰᠢᠯᠦᠭ ᠪᠢᠴᠢᠵᠦ ᠪᠠᠢᠨ᠎ᠠ ᠃
ᠴᠢᠮ᠎ᠠ ᠰᠢᠭ ᠬᠡᠦᠬᠡᠳ ᠦ᠋ᠨ ᠲᠥᠯᠥᠭᠡ ᠠᠪᠤ ᠨᠢ ᠰᠢᠯᠦᠭ ᠪᠢᠴᠢᠳᠡᠭ ᠶᠦ᠍ᠮ ᠠ᠋ ᠃
ᠮᠢᠩᠭ᠎ᠠ ᠲᠦᠮᠡᠨ ᠰᠢᠯᠦᠭ ᠦ᠋ᠨ ᠦᠭᠡᠰ ᠪᠠᠶᠠᠷᠲᠤ ᠵᠢᠷᠦᠬᠡᠨ ᠳ᠋ᠦ᠍ ᠮᠢᠨᠢ ᠴᠢᠳᠬᠤᠯᠠᠵᠤ ᠪᠠᠢᠳᠠᠭ ᠶᠤᠮ ᠠ᠋ ᠃
ᠮᠠᠷᠭᠠᠰᠢ ᠶ᠋ᠢᠨ ᠲᠥᠯᠥᠭᠡ ᠂ ᠮᠠᠨ ᠤ᠋ ᠬᠡᠦᠬᠡᠳ ᠦ᠋ᠳ ᠦ᠋ᠨ ᠲᠥᠯᠥᠭᠡ ᠪᠢᠴᠢᠭᠡᠳ ᠪᠠᠷᠠᠬᠤ ᠦᠭᠡᠢ ᠰᠢᠯᠦᠭ ᠨᠠᠳᠠ ᠪᠠᠢᠳᠠᠭ ᠶᠤᠮ ᠠ᠋ ᠃
ᠬᠠᠪᠤᠷ ᠤ᠋ᠨ ᠨᠣᠭᠣᠭ᠎ᠠ ᠰᠢᠭ᠋ ᠨᠠᠢᠷᠠᠭ ᠤ᠋ᠨ ᠮᠢᠨᠢ ᠳᠤᠮᠳᠠᠭᠤᠷ ᠳᠡᠷᠪᠡᠵᠦ ᠦᠰᠦᠭᠡᠷᠡᠢ ᠂ ᠬᠡᠦᠬᠡᠨ ᠮᠢᠨᠢ !
ᠬᠠᠮᠤᠭ ᠡᠷᠡᠮᠡᠯᠵᠡᠯ ᠦ᠋ᠨ ᠮᠢᠨᠢ ᠬᠠᠯᠠᠭᠤᠨ ᠰᠡᠳᠬᠢᠯ ᠊ᠢ ᠰᠢᠮᠡᠵᠦ ᠦᠰᠦᠭᠡᠷᠡᠢ ᠂ ᠬᠡᠦᠬᠡᠳ ᠦ᠋ᠳ ᠮᠢᠨᠢ !
