ᠡᠮᠵᠡᠭᠬᠡᠨ ᠬᠦᠷᠡᠩ ᠴᠢᠯᠠᠭᠤ ᠪᠠᠨ ᠡᠮᠲᠡᠯᠵᠦ ᠪᠢᠲᠡᠭᠡᠢ ᠬᠠᠭᠠᠯᠤᠭᠠᠷᠠᠢ – ᠳ ᠂ ᠴᠠᠭᠠᠨ Эмзэгхэн хүрэн чулуугаа эмтэлж битгий хагалаарай – Д ᠂ Цагаан
ᠡᠮᠵᠡᠭᠬᠡᠨ ᠬᠦᠷᠡᠩ ᠴᠢᠯᠠᠭᠤ ᠪᠠᠨ ᠡᠮᠲᠡᠯᠵᠦ ᠪᠢᠲᠡᠭᠡᠢ ᠬᠠᠭᠠᠯᠤᠭᠠᠷᠠᠢ
– ᠳ ᠂ ᠴᠠᠭᠠᠨ
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ
ᠴᠡᠩᠬᠡᠷ ᠲᠡᠭᠷᠢ ᠶ᠋ᠢᠨ ᠥᠩᠭᠡ ᠲᠡᠢ
ᠬᠥᠬᠡ ᠴᠢᠯᠠᠭᠤ ᠡᠬᠡ ᠣᠷᠣᠨ
ᠴᠡᠴᠡᠨ ᠤᠬᠠᠭᠠᠨ ᠤ᠋ ᠰᠢᠳᠢ ᠲᠡᠢ
ᠴᠠᠬᠢᠭᠤᠷ ᠴᠢᠯᠠᠭᠤ ᠡᠬᠡ ᠣᠷᠣᠨ
ᠴᠡᠭᠡᠨ ᠰᠠᠷᠠᠨ ᠭᠡᠷᠡᠯ ᠣᠢᠭᠰᠠᠨ
ᠴᠠᠭᠠᠨ ᠴᠢᠯᠠᠭᠤ ᠡᠬᠡ ᠣᠷᠣᠨ
ᠴᠡᠴᠡᠭᠡᠰ ᠦ᠋ᠨ ᠥᠩᠭᠡ ᠪᠡᠷ ᠰᠣᠯᠣᠩᠭᠠᠷᠠᠭᠰᠠᠨ
ᠭᠣᠪᠢ ᠶ᠋ᠢᠨ ᠴᠢᠯᠠᠭᠤ ᠡᠬᠡ ᠣᠷᠣᠨ
ᠡᠬᠡ ᠳᠡᠯᠡᠬᠡᠢ ᠶ᠋ᠢᠨ ᠴᠢᠯᠠᠭᠤ ᠶ᠋ᠢ
ᠡᠩᠬᠦᠷᠡᠢᠯᠡᠨ ᠬᠠᠢᠷᠠᠯᠠᠵᠤ ᠶᠠᠪᠤᠭᠠᠷᠠᠢ ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ ᠃
ᠡᠩᠬᠡ ᠮᠡᠨᠳᠦ ᠶ᠋ᠢᠨ ᠠᠮᠢᠨ ᠰᠠᠬᠢᠶ᠎ᠠ
ᠡᠰᠡᠨᠢᠯ ᠮᠠᠨᠳᠤᠯ ᠤ᠋ᠨ ᠤᠶᠠᠩᠭᠠᠨ ᠲᠦᠷᠡᠯᠭᠡ ①
ᠡᠪ ᠪᠦᠯᠬᠦᠮᠳᠡᠯ ᠦ᠋ᠨ ᠲᠣᠷᠭᠠᠨ ᠵᠤᠯᠠᠢ
ᠡᠪᠳᠡᠷᠡᠰᠢ ᠦᠭᠡᠢ ᠪᠠᠲᠤ ᠲᠠᠩᠭᠠᠷᠢᠭ
ᠡᠬᠡ ᠣᠷᠣᠨ ᠤ᠋ ᠮᠢᠨᠢ ᠯᠤᠭᠰᠢᠬᠤ ᠵᠢᠷᠦᠬᠡ
ᠡᠬᠡ ᠳᠡᠯᠡᠬᠡᠢ ᠶ᠋ᠢᠨ ᠴᠢᠯᠠᠭᠤ ᠪᠠᠨ
ᠡᠩᠬᠦᠷᠡᠢᠯᠡᠨ ᠬᠠᠢᠷᠠᠯᠠᠵᠤ ᠶᠠᠪᠤᠭᠠᠷᠠᠢ ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ ᠃
ᠡᠴᠢᠭᠡ ᠶ᠋ᠢᠨ ᠮᠢᠨᠢ ᠲᠩᠷᠢᠯᠢᠭ ᠰᠦᠷ
ᠡᠵᠢ ᠶ᠋ᠢᠨ ᠮᠢᠨᠢ ᠠᠩᠭᠢᠷ ᠤᠭᠤᠷᠠᠭ
ᠡᠩᠬᠦᠷᠡᠢ ᠦᠷᠡᠰ ᠦ᠋ᠨ ᠬᠣᠩᠭᠣᠷ ᠵᠤᠯᠠᠢ
ᠡᠬᠡ ᠣᠷᠣᠨ ᠤ᠋ ᠮᠢᠨᠢ ᠶᠢᠰᠦᠨ ᠡᠷᠳᠡᠨᠢ
ᠡᠷᠡᠯᠬᠡᠭ ᠪᠦᠷᠭᠦᠳ ᠦ᠋ᠨ ᠰᠣᠳᠣᠨ ᠵᠢᠭᠦᠷ
ᠡᠬᠡ ᠳᠡᠯᠡᠬᠡᠢ ᠶ᠋ᠢᠨ ᠴᠢᠯᠠᠭᠤ ᠪᠠᠨ
ᠡᠩᠬᠦᠷᠡᠢᠯᠡᠨ ᠬᠠᠢᠷᠠᠯᠠᠵᠤ ᠶᠠᠪᠤᠭᠠᠷᠠᠢ ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ ᠃
ᠡᠷᠳᠡᠨᠢ ᠰᠣᠶᠣᠯ ᠤ᠋ᠨ ᠣᠶᠤᠨ ᠤ᠋ ᠭᠠᠢᠬᠠᠮᠰᠢᠭ
ᠡᠷᠲᠡᠨ ᠦ᠌ ᠬᠠᠳᠠᠨ ᠵᠢᠷᠤᠭ ᠤ᠋ᠨ ᠪᠠᠢᠭᠠᠯᠢ ᠶ᠋ᠢᠨ ᠮᠦᠽᠧᠢ
ᠡᠷᠬᠡ ᠴᠢᠯᠥᠭᠡᠨ ᠦ᠌ ᠲᠥᠯᠥᠭᠡ ᠡᠷᠡᠰᠳᠡᠵᠦ ᠲᠤᠰᠤᠭᠰᠠᠨ
ᠡᠷ᠎ᠡ ᠬᠥᠮᠦᠨ ᠦ᠌ ᠴᠢᠰᠤᠨ ᠴᠢᠯᠠᠭᠤᠵᠢᠮᠠᠯ
ᠡᠩᠬᠡ ᠲᠠᠢᠪᠤᠩ ᠤ᠋ᠨ ᠴᠠᠭᠠᠨ ᠲᠠᠭᠲᠠᠭ᠎ᠠ
ᠡᠬᠡ ᠳᠡᠯᠡᠬᠡᠢ ᠶ᠋ᠢᠨ ᠴᠢᠯᠠᠭᠤ ᠪᠠᠨ
ᠡᠩᠬᠦᠷᠡᠢᠯᠡᠨ ᠬᠠᠢᠷᠠᠯᠠᠵᠤ ᠶᠠᠪᠤᠭᠠᠷᠠᠢ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ ᠃
《ᠬᠢᠩᠭᠠᠨ ᠳᠠᠯᠠᠢ 》 ᠶ᠋ᠢ ᠰᠢᠷᠭᠢᠭᠡᠭᠰᠡᠨ
ᠲᠡᠦᠬᠡ ᠶ᠋ᠢᠨ ᠪᠤᠭᠤᠷᠤᠯ ᠣᠨᠢᠰᠣᠭ᠎ᠠ
ᠬᠡᠭᠡᠷ᠎ᠡ ᠭᠣᠪᠢ ᠶ᠋ᠢ ᠲᠤᠭᠤᠯᠤᠭᠰᠠᠨ
ᠲᠡᠮᠡᠭᠡᠨ ᠵᠢᠩ ᠦ᠋ᠨ ᠴᠤᠪᠤᠭ᠎ᠠ
ᠬᠡᠴᠢᠨᠡᠭᠡᠨ ᠵᠠᠭᠤᠨ ᠢ᠋ ᠡᠯᠡᠭᠡᠭᠰᠡᠨ
ᠬᠥᠮᠦᠨ ᠴᠢᠯᠠᠭᠤᠨ ᠬᠥᠰᠢᠶ᠎ᠡ
ᠬᠡᠭᠡᠨᠴᠢᠷ ᠰᠠᠢᠬᠠᠨ ᠨᠤᠲᠤᠭ ᠤ᠋ᠨ
ᠨᠠᠷᠠᠨ ᠤ᠋ ᠬᠦᠷᠡᠩ ᠴᠢᠯᠠᠭᠤ
ᠬᠡᠨ ᠴᠦ᠍ ᠬᠥᠨᠳᠡᠵᠦ ᠪᠣᠯᠣᠰᠢ ᠦᠭᠡᠢ
ᠲᠤᠯᠭ᠎ᠠ ᠶ᠋ᠢᠨ ᠭᠤᠷᠪᠠᠨ ᠴᠢᠯᠠᠭᠤ
ᠡᠬᠡ ᠳᠡᠯᠡᠬᠡᠢ ᠶ᠋ᠢᠨ ᠴᠢᠯᠠᠭᠤ ᠶ᠋ᠢ
ᠡᠩᠬᠦᠷᠡᠢᠯᠡᠨ ᠬᠠᠢᠷᠠᠯᠠᠵᠤ ᠶᠠᠪᠤᠭᠠᠷᠠᠢ ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ ᠃
ᠥᠨᠳᠥᠷ ᠲᠡᠭᠷᠢ ᠶ᠋ᠢᠨ ᠣᠳᠣᠳ ᠲᠠᠢ
ᠢᠵᠢᠯᠢᠬᠡᠨ ᠵᠠᠶᠠᠭ᠎ᠠ ᠬᠤᠪᠢᠶᠠᠯᠴᠠᠵᠤ
ᠥᠭᠡᠳᠡ ᠲᠡᠢ ᠤᠷᠤᠭᠤ ᠲᠡᠢ ᠠᠮᠢᠳᠤᠷᠠᠯ ᠢ᠋
ᠥᠷᠥᠪᠴᠢᠬᠡᠨ ᠰᠡᠳᠬᠢᠯ ᠢ᠋ᠶ᠋ᠡᠷ ᠪᠥᠭᠡᠴᠡᠢᠯᠡᠵᠦ
《ᠥᠨᠥᠴᠢᠨ ᠴᠠᠭᠠᠨ ᠪᠣᠲᠣᠭᠣ》 ᠪᠠᠨ
ᠰᠥᠨᠢᠵᠢᠨ ᠪᠦᠪᠡᠢᠯᠡᠨ ᠠᠷᠭᠠᠳᠠᠵᠤ
ᠥᠷᠥᠰᠢᠶᠡᠯ ᠶᠡᠬᠡᠲᠡᠢ ᠪᠠᠢᠭᠠᠯᠢ ᠠ᠋ᠴᠠ
ᠥᠮᠴᠢᠯᠡᠵᠦ ᠠᠪᠤᠭᠰᠠᠨ ᠥᠪ ᠮᠢᠨᠢ
ᠡᠪᠦᠭᠡ ᠳᠡᠭᠡᠳᠦᠰ ᠦ᠋ᠨ ᠮᠢᠨᠢ
ᠦᠯᠡᠳᠡᠭᠡᠵᠦ ᠦᠭᠭᠦᠭᠰᠡᠨ ᠰᠢᠷᠣᠢ
ᠡᠬᠡ ᠳᠡᠯᠡᠬᠡᠢ ᠶ᠋ᠢᠨ ᠴᠢᠯᠠᠭᠤ ᠪᠠᠨ
ᠡᠩᠬᠦᠷᠡᠢᠯᠡᠨ ᠬᠠᠢᠷᠠᠯᠠᠵᠤ ᠶᠠᠪᠤᠭᠠᠷᠠᠢ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ ᠃
ᠡᠷᠢᠶᠡᠨ ᠭᠣᠪᠢ ᠶ᠋ᠢᠨ ᠡᠷᠡᠬᠡᠢ ᠶ᠋ᠢᠨ ᠴᠢᠨᠡᠭᠡᠨ ᠴᠢᠯᠠᠭᠤᠨ ᠳᠡᠭᠡᠷ᠎ᠡ
ᠡᠬᠡ ᠣᠷᠣᠨ ᠤ᠋ ᠮᠢᠨᠢ ᠪᠦᠲᠦᠨ ᠵᠠᠶᠠᠭ᠎ᠠ ᠪᠠᠭᠲᠠᠳᠠᠭ ᠶᠤᠮ
ᠡᠯᠢᠭᠡ ᠪᠦᠲᠦᠨ ᠠᠮᠢᠳᠤᠷᠠᠯ ᠤ᠋ᠨ
ᠡᠩᠬᠡ ᠶ᠋ᠢᠨ ᠪᠠᠶᠠᠷ ᠵᠢᠷᠭᠠᠯᠠᠩ ᠴᠠᠯᠭᠢᠳᠠᠭ ᠶᠤᠮ ᠭᠡᠵᠦ
ᠡᠴᠢᠭᠡ ᠮᠢᠨᠢ ᠰᠤᠷᠭᠠᠭᠰᠠᠨ ᠶᠤᠮ
ᠡᠵᠢ ᠮᠢᠨᠢ ᠵᠠᠬᠢᠭᠰᠠᠨ ᠶᠤᠮ
ᠡᠬᠡ ᠳᠡᠯᠡᠬᠡᠢ ᠶ᠋ᠢᠨ ᠴᠢᠯᠠᠭᠤ ᠪᠠᠨ
ᠡᠩᠬᠦᠷᠡᠢᠯᠡᠨ ᠬᠠᠢᠷᠠᠯᠠᠵᠤ ᠶᠠᠪᠤᠭᠠᠷᠠᠢ ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ ᠃
①ᠲᠦᠷᠡᠯᠭᠡ[turləg]---- ᠤᠷᠲᠤ ᠶ᠋ᠢᠨ ᠳᠠᠭᠤᠤ ᠶ᠋ᠢᠨ ᠵᠠᠪᠰᠠᠷ ᠣᠯᠠᠭᠤᠯᠠ ᠠᠶᠠᠯᠭᠤᠯᠠᠨ ᠳᠠᠭᠤᠯᠠᠬᠤ ᠪᠠᠢᠳᠠᠯ᠃
ᠢᠷᠡᠯᠲᠡ ᠄ ᠲᠠᠪᠤᠳᠤᠭᠠᠷ ᠣᠨ ᠤ ᠳᠣᠣᠷᠠᠳᠤ ᠳᠡᠪᠲᠡᠷ 13 ᠳ᠋ᠤᠭᠠᠷ ᠬᠢᠴᠢᠶᠡᠯ
ᠦᠰᠦᠭ ᠠᠮᠢᠯᠠᠭᠤᠯᠤᠭᠰᠠᠨ ᠨᠢ᠄ ᠪᠦᠷᠢᠨᠴᠡᠴᠡᠭ
