ᠡᠵᠡᠨ - ᠠᠷᠲᠠᠢ Эзэн - Артай
ᠡᠵᠡᠨ
ᠡᠬᠡ ᠣᠷᠣᠨ ᠂ ᠡᠵᠡᠨ ᠬᠥᠮᠦᠨ ᠨᠠᠰᠤ ᠠᠳᠠᠯᠢ ᠪᠠᠢᠳᠠᠭ ᠃
ᠡᠭᠳᠡᠭᠦᠦ ᠬᠦᠷᠬᠦ ᠂ ᠢᠨᠢᠶᠡᠳᠦ ᠬᠦᠷᠬᠦ ᠶᠣᠰᠣ ᠠᠳᠠᠯᠢ ᠪᠠᠢᠳᠠᠭ ᠃
ᠳᠠᠷᠢ ᠶ᠋ᠢᠨ ᠤᠲᠤᠭ᠎ᠠ ᠶ᠋ᠢ ᠴᠣᠭ ᠵᠠᠯᠭᠢᠵᠤ ᠢᠯᠠᠯᠲᠠ ᠶ᠋ᠢᠨ ᠲᠣᠨᠨ ᠢ᠋ᠶ᠋ᠠᠨ ᠴᠣᠭ ᠢᠯᠪᠢᠳᠡᠭ ᠶᠦ᠍ᠮ ᠃
ᠳᠠᠭᠲᠤᠨ ᠤ᠋ ᠪᠠᠨ ᠲᠣᠭᠣᠰᠬ᠎ᠠ ᠶ᠋ᠢ ᠴᠣᠭ ᠥᠷᠥᠵᠦ ᠂ ᠢᠷᠠᠭᠤ ᠨᠠᠢᠷᠠᠭ ᠢ᠋ᠶ᠋ᠠᠨ ᠴᠣᠭ ᠪᠢᠴᠢᠳᠡᠭ ᠶᠦ᠍ᠮ᠃
ᠠᠰᠠᠷ ᠲᠤ᠌ ᠬᠣᠶᠠᠭᠤᠯᠠ ᠴᠣᠭ ᠶᠠᠭᠠᠷᠠᠳᠠᠭ ᠶᠤᠮ ᠃
ᠠᠳᠤᠭᠤᠨ ᠳ᠋ᠤ᠌ ᠬᠣᠶᠠᠭᠤᠯᠠ ᠴᠣᠭ ᠶᠠᠪᠤᠳᠠᠭ ᠶᠤᠮ ᠃
ᠲᠦᠢᠮᠡᠷ ᠨᠢ ᠪᠡᠯᠴᠢᠭᠡᠷ ᠳᠡᠭᠡᠷ᠎ᠡ ᠂ ᠪᠡᠶ᠎ᠡ ᠳᠡᠭᠡᠷ᠎ᠡ ᠴᠣᠭ ᠤᠨᠲᠠᠷᠠᠳᠠᠭ ᠶᠤᠮ ᠃
ᠲᠥᠯ ᠨᠢ ᠲᠠᠯ᠎ᠠ ᠳᠡᠭᠡᠷ᠎ᠡ ᠰᠡᠳᠬᠢᠯ ᠳᠡᠭᠡᠷ᠎ᠡ ᠴᠣᠭ ᠣᠨᠳᠣᠷᠳᠠᠭ ᠶᠤᠮ ᠃
ᠡᠵᠡᠨ ᠳ᠋ᠡᠭᠡᠨ ᠣᠰᠣᠯᠳᠠᠭᠰᠠᠨ ᠡᠬᠡ ᠣᠷᠣᠨ ᠪᠠᠢᠳᠠᠭ ᠦᠭᠡᠢ ᠃
ᠡᠬᠡ ᠣᠷᠣᠨ ᠳ᠋ᠠᠭᠠᠨ ᠣᠰᠣᠯᠳᠠᠭᠰᠠᠨ ᠡᠵᠡᠨ ᠠᠵᠠ ᠦᠭᠡᠢ ᠃
ᠬᠣᠨᠢᠨ ᠤ᠋ ᠤᠭᠤᠴᠠ ᠰᠠᠨᠠᠮᠠᠭᠴᠠ ᠬᠥᠳᠡᠭᠡ ᠰᠠᠢᠬᠠᠨ ᠰᠢᠦ ᠭᠡᠳᠡᠭ ᠬᠥᠮᠦᠨ ᠡᠵᠡᠨ ᠪᠢᠰᠢ ᠃
ᠬᠣᠰᠢᠭᠤ ᠨᠠᠢᠷ ᠲᠤ᠌ ᠲᠡᠷᠢᠭᠦᠯᠡᠭᠰᠡᠨ ᠮᠣᠷᠢ ᠪᠠᠷ ᠢ᠋ᠶ᠋ᠠᠨ ᠯᠠ ᠬᠤᠷᠳᠤᠴᠠ ᠪᠣᠯᠭᠠᠳᠠᠭ ᠬᠥᠮᠦᠨ ᠡᠵᠡᠨ ᠪᠢᠰᠢ ᠃
ᠰᠣᠬᠣᠷ ᠨᠣᠮᠣᠨ ᠮᠠᠩᠬ᠎ᠠ ᠪᠣᠯᠭᠠᠴᠢᠬᠠᠯᠠ ᠂ ᠡᠦᠲᠦ ᠨᠡᠭᠦᠶ᠎ᠡ ᠨᠡᠭᠦᠶ᠎ᠡ ᠭᠡᠳᠡᠭ ᠬᠥᠮᠦᠨ ᠡᠵᠡᠨ ᠪᠢᠰᠢ ᠃
ᠰᠣᠭᠲᠣᠴᠢᠬᠠᠪᠠᠯ ᠨᠢᠭᠡ 《 ᠡᠨᠡ ᠮᠢᠨᠦ ᠭᠠᠵᠠᠷ 》 ᠭᠡᠳ ᠵᠠᠮ ᠳᠡᠭᠡᠷ᠎ᠡ ᠬᠥᠨᠳᠡᠯᠡᠨ ᠬᠡᠪᠲᠡᠴᠢᠬᠡᠳᠡᠭ ᠬᠥᠮᠦᠨ ᠡᠵᠡᠨ ᠪᠢᠰᠢ ᠃
ᠡᠬᠡ ᠣᠷᠣᠨ ᠭᠡᠰᠡᠨ ᠦᠭᠡ ᠪᠣᠯ ᠡᠷᠬᠡ ᠵᠢᠷᠭᠠᠯ ᠭᠡᠰᠡᠨ ᠦᠭᠡ ᠂ ᠡᠵᠡᠨ ᠨᠢ ᠪᠢ ᠭᠡᠰᠡᠨ ᠦᠭᠡ ᠃
ᠡᠬᠡ ᠣᠷᠣᠨ ᠢ᠋ᠶ᠋ᠠᠨ ᠠᠯᠳᠠᠯ᠎ᠠ ᠭᠡᠳᠡᠭ ᠦᠭᠡ ᠪᠣᠯ ᠡᠨᠡᠬᠡᠨ ᠴᠢᠭ ᠢ᠋ᠶ᠋ᠡᠷ ᠢ᠋ᠶ᠋ᠡᠨ ᠡᠷᠯᠢᠭ ᠲᠦ᠍ ᠬᠦᠷᠦᠯ᠎ᠡ ᠭᠡᠰᠡᠨ ᠦᠭᠡ !
