ᠠᠯᠤᠩᠭᠤᠸ᠎ᠠ ᠡᠬᠡ ᠶᠢᠨ ᠰᠤᠷᠭᠠᠯ-ᠰ ᠰᠠᠷᠠᠨᠲᠤᠶᠠᠭ᠎ᠠАлангоо эхийн сургаал-с сарантуяа
ᠠᠯᠤᠩᠭᠤᠸ᠎ᠠ ᠡᠬᠡ ᠶᠢᠨ ᠰᠤᠷᠭᠠᠯ
ᠦᠯᠢᠭᠡᠷ ᠤᠩᠰᠢᠭᠰᠠᠨ ᠨᠢ᠄ ᠰ ᠰᠠᠷᠠᠨᠲᠤᠶᠠᠭ᠎ᠠ
ᠮᠣᠩᠭᠣᠯ ᠤᠯᠤᠰ ᠤ᠋ᠨ ᠠᠯᠳᠠᠷᠲᠤ ᠵᠦᠴᠦᠭᠡᠴᠢᠨ
ᠵᠠ᠂ ᠪᠢ ᠥᠨᠥᠳᠥᠷ ᠲᠠ ᠪᠦᠬᠦᠨ ᠳ᠋ᠦ᠍ ᠮᠣᠩᠭᠣᠯ ᠤ᠋ᠨ ᠲᠡᠦᠬᠡᠨ ᠳ᠋ᠦ᠍ ᠮᠥᠩᠬᠡᠷᠡᠭᠰᠡᠨ ᠦᠨᠡᠲᠦ ᠰᠤᠷᠭᠠᠯ ᠤ᠋ᠨ ᠲᠤᠬᠠᠢ ᠶᠠᠷᠢᠵᠤ ᠥᠭᠬᠦ ᠪᠣᠯᠤᠨ᠎ᠠ᠃
ᠡᠨᠡ ᠪᠣᠯ ᠤᠬᠠᠭᠠᠨᠲᠤ ᠰᠡᠴᠡᠨ ᠮᠡᠷᠭᠡᠨ ᠠᠯᠤᠩᠭᠤᠸ᠎ᠠ ᠡᠬᠡ ᠶ᠋ᠢᠨ ᠰᠤᠷᠭᠠᠯ ᠶᠤᠮ᠃
ᠠᠯᠤᠩᠭᠤᠸ᠎ᠠ ᠡᠬᠡ ᠮᠠᠨᠢ ᠲᠠᠪᠤᠨ ᠰᠠᠢᠬᠠᠨ ᠬᠦᠦ ᠲᠡᠢ ᠪᠠᠢᠵᠠᠢ᠃ᠭᠡᠲᠡᠯ᠎ᠡ ᠲᠡᠷᠡ ᠬᠡᠦᠬᠡᠳ ᠦ᠋ᠳ ᠨᠢ ᠬᠣᠭᠣᠷᠣᠨᠳᠣ ᠪᠠᠨ ᠲᠠᠭᠠᠷᠠᠬᠤ ᠦᠭᠡᠢ ᠬᠡᠷᠡᠯᠳᠦᠵᠦ ᠮᠠᠭᠤᠳᠠᠯᠴᠠᠭᠠᠳ ᠡᠪ ᠲᠦᠨᠵᠢᠨ ᠡᠪᠳᠡᠷᠡᠯᠴᠡᠳᠡᠭ ᠪᠠᠢᠪᠠ᠃ ᠡᠨᠡ ᠶ᠋ᠢ ᠬᠠᠷᠠᠭᠰᠠᠨ ᠠᠯᠤᠩᠭᠤᠸ᠎ᠠ ᠡᠬᠡ ᠶᠠᠭᠠᠬᠢᠵᠤ ᠬᠡᠦᠬᠡᠳ ᠦ᠋ᠳ ᠢ᠋ᠶ᠋ᠡᠨ ᠡᠪ ᠲᠡᠢ ᠨᠠᠢᠷ ᠲᠠᠢ ᠪᠠᠢᠯᠭᠠᠬᠤ ᠪᠣᠢ ᠭᠡᠵᠦ ᠪᠣᠳᠣᠭᠰᠠᠭᠠᠷ ᠨᠢᠭᠡ ᠠᠷᠭ᠎ᠠ ᠣᠯᠵᠠᠢ᠃ᠢᠩᠭᠢᠭᠡᠳ ᠬᠠᠪᠤᠷ ᠤ᠋ᠨ ᠰᠠᠢᠬᠠᠨ ᠡᠳᠦᠷ ᠲᠣᠭᠣᠭ᠎ᠠ ᠳᠦᠭᠦᠷᠡᠩ ᠮᠢᠬ᠎ᠠ ᠴᠢᠨᠠᠭᠠᠳ ᠬᠡᠦᠬᠡᠳ ᠦ᠋ᠳ ᠲᠦ᠍ ᠪᠡᠨ ᠢᠳᠡᠭᠦᠯᠦᠭᠡᠳ ᠳᠠᠷᠠᠭ᠎ᠠ ᠨᠢ ᠬᠥᠮᠦᠨ ᠨᠢᠭᠡ ᠪᠦᠷᠢ ᠳ᠋ᠦ᠍ ᠭᠠᠭᠴᠠ ᠰᠤᠮᠤ ᠦᠭᠭᠦᠭᠡᠳ《ᠵᠠ᠂ ᠬᠡᠦᠬᠡᠳ ᠦ᠋ᠳ ᠮᠢᠨᠢ ᠡᠨᠡ ᠰᠤᠮᠤ ᠶ᠋ᠢ ᠲᠠ ᠨᠠᠷ ᠬᠤᠭᠤᠯ ᠳᠠ》 ᠭᠡᠵᠦ ᠭᠡᠨ᠎ᠡ ᠭᠡᠲᠡᠯ᠎ᠡ ᠠᠬ᠎ᠠ ᠳᠡᠭᠦᠦ ᠲᠠᠪᠤᠭᠤᠯᠠ ᠭᠠᠭᠴᠠ ᠭᠠᠭᠴᠠ ᠰᠤᠮᠤ ᠪᠠᠷᠢᠭᠰᠠᠨ ᠢ᠋ᠶ᠋ᠠᠨ ᠮᠠᠰᠢ ᠬᠢᠯᠪᠠᠷᠬᠠᠨ《ᠳᠡᠰ》 ᠬᠢᠲᠡᠯ᠎ᠡ ᠨᠢ ᠬᠤᠭᠤᠯᠴᠢᠬᠠᠵᠠᠢ ᠭᠡᠨ᠎ᠡ᠃ ᠲᠡᠭᠡᠩᠭᠦᠲᠡ ᠠᠯᠤᠩᠭᠤᠸ᠎ᠠ ᠡᠬᠡ ᠳᠠᠬᠢᠨ ᠲᠠᠪᠤᠨ ᠰᠤᠮᠤ ᠪᠠᠨ ᠨᠡᠢᠯᠡᠭᠦᠯᠵᠦ ᠪᠠᠭᠴᠠᠯᠠᠭᠠᠳ᠄《ᠵᠠ ᠬᠡᠦᠬᠡᠳ ᠦ᠋ᠳ ᠮᠢᠨᠢ ᠣᠳᠣ ᠲᠠ ᠨᠠᠷ ᠡᠨᠡ ᠪᠠᠭᠴᠠᠯᠠᠭᠰᠠᠨ ᠲᠠᠪᠤᠨ ᠰᠤᠮᠤ ᠶ᠋ᠢ ᠬᠤᠭᠤᠯᠤᠭᠠᠳ ᠦᠵᠡ ᠳᠡ》 ᠭᠡᠵᠦ ᠬᠥᠪᠡᠭᠦᠳ ᠲᠦ᠍ ᠪᠡᠨ ᠬᠡᠯᠡᠵᠦ ᠭᠡᠨ᠎ᠡ᠃
ᠠᠬ᠎ᠠ ᠳᠡᠭᠦᠦ ᠲᠠᠪᠤ ᠲᠦᠷᠦᠭᠦᠴᠢ ᠶ᠋ᠢᠨ ᠬᠤᠭᠤᠯᠤᠭᠰᠠᠨ ᠰᠢᠭ᠋ ᠢ᠋ᠶ᠋ᠡᠨ ᠬᠤᠭᠤᠯᠴᠢᠬᠠᠬᠤ ᠶᠤᠮ ᠰᠢᠭ᠋ ᠪᠣᠳᠣᠭᠠᠳ ᠶᠡᠬᠡ ᠯᠡ ᠪᠠᠷᠳᠠᠮ ᠣᠷᠣᠯᠳᠣᠭᠰᠠᠨ ᠪᠣᠯᠪᠠᠴᠤ ᠬᠦᠴᠦ ᠪᠡᠨ ᠮᠣᠬᠣᠲᠠᠯ᠎ᠠ ᠣᠷᠣᠯᠳᠣᠭᠠᠳ ᠬᠤᠭᠤᠯᠵᠤ ᠡᠰᠡ ᠴᠢᠳᠠᠪᠠ ᠭᠡᠨ᠎ᠡ ᠲᠡᠭᠡᠬᠦ ᠳ᠋ᠦ᠍ ᠨᠢ ᠠᠯᠤᠩᠭᠤᠸ᠎ᠠ ᠡᠬᠡ᠄ ᠵᠠ᠂ ᠬᠥᠪᠡᠭᠦᠳ ᠮᠢᠨᠢ ᠲᠠ ᠨᠠᠷ ᠬᠠᠷᠠᠵᠤ ᠪᠠᠢᠭ᠎ᠠ ᠪᠢᠵᠡ᠂ᠲᠠ ᠨᠠᠷ ᠪᠣᠯ ᠮᠢᠨᠦ ᠨᠢᠭᠡᠨ ᠬᠡᠪᠡᠯᠢ ᠡᠴᠡ ᠲᠥᠷᠥᠭᠰᠡᠨ ᠠᠮᠢ ᠨᠢᠭᠡᠲᠡᠢ ᠠᠬ᠎ᠠ ᠳᠡᠭᠦᠦ ᠨᠠᠷ ᠪᠢᠯᠡ᠃ ᠲᠡᠭᠡᠬᠦ ᠪᠡᠷ ᠬᠣᠭᠣᠷᠣᠨᠳᠣ ᠪᠠᠨ ᠳᠠᠢᠰᠤᠩᠨᠠᠵᠤ ᠭᠠᠭᠴᠠ ᠭᠠᠭᠴᠠ ᠪᠠᠷ ᠶᠠᠪᠤᠬᠤ ᠶᠤᠮ ᠪᠣᠯ ᠲᠦᠷᠦᠭᠦᠴᠢ ᠶ᠋ᠢᠨ ᠨᠢᠭᠡ ᠰᠤᠮᠤ ᠰᠢᠭ᠋ ᠪᠤᠰᠤᠳ ᠲᠤ᠌ ᠠᠮᠠᠷᠬᠠᠨ ᠳᠡᠢᠯᠦᠭᠳᠡᠬᠦ ᠪᠣᠯᠤᠨ᠎ᠠ᠃ ᠬᠠᠷᠢᠨ ᠪᠠᠭᠴᠠᠯᠠᠭᠰᠠᠨ ᠲᠠᠪᠤᠨ ᠰᠤᠮᠤ ᠰᠢᠭ᠋ ᠬᠣᠭᠣᠷᠣᠨᠳᠣ ᠪᠠᠨ ᠪᠠᠲᠤ ᠪᠥᠬᠡ ᠪᠠᠢᠬᠤ ᠶᠤᠮ ᠪᠣᠯ ᠬᠠᠷᠢᠯᠴᠠᠨ ᠪᠡᠶ᠎ᠡ ᠪᠡᠶ᠎ᠡ ᠳ᠋ᠦ᠍ ᠪᠡᠨ ᠲᠤᠰᠠᠯᠠᠵᠤ ᠡᠪ ᠲᠡᠢ ᠨᠠᠢᠷ ᠲᠠᠢ ᠶᠠᠪᠤᠪᠠᠯ ᠬᠡᠨ ᠳ᠋ᠦ᠍ ᠴᠤ᠌ ᠡᠰᠡ ᠳᠡᠢᠯᠦᠭᠳᠡᠨ᠎ᠡ ᠭᠡᠵᠦ ᠬᠡᠦᠬᠡᠳ ᠦ᠋ᠳ ᠲᠦ᠍ ᠪᠡᠨ ᠰᠤᠷᠭᠠᠭᠰᠠᠨ ᠶᠤᠮ ᠪᠠᠢᠵᠠᠢ᠃ ᠲᠡᠷᠡ ᠴᠠᠭ ᠠ᠋ᠴᠠ ᠬᠣᠢᠰᠢ ᠠᠯᠤᠩᠭᠤᠸ᠎ᠠ ᠡᠬᠡ ᠶ᠋ᠢᠨ ᠬᠥᠪᠡᠭᠦᠳ ᠡᠬᠡ ᠶ᠋ᠢᠨ ᠢᠶᠡᠨ ᠰᠤᠷᠭᠠᠯ ᠢ᠋ ᠮᠦᠩᠭᠡᠳᠡ ᠪᠣᠳᠣᠵᠤ ᠬᠣᠭᠣᠷᠣᠨᠳᠣ ᠪᠠᠨ ᠡᠪ ᠲᠡᠢ ᠨᠠᠢᠷ ᠲᠠᠢ ᠪᠠᠢᠵᠤ ᠬᠠᠷᠢᠯᠴᠠᠨ ᠲᠤᠰᠠᠯᠠᠯᠴᠠᠵᠤ ᠬᠦᠴᠦ ᠪᠡᠨ ᠨᠢᠭᠡᠳᠬᠡᠭᠰᠡᠭᠡᠷ ᠮᠣᠩᠭᠣᠯ ᠤ᠋ᠨ ᠪᠦᠷ ᠲᠠᠷᠬᠠᠢ ᠪᠤᠲᠠᠷᠬᠠᠢ ᠣᠯᠠᠨ ᠠᠢᠮᠠᠭ ᠤ᠋ᠳ ᠢ᠋ ᠨᠢᠭᠡᠳᠬᠡᠵᠦ ᠪᠦᠷ ᠮᠣᠩᠭᠣᠯ ᠦᠨᠳᠦᠰᠦᠲᠡᠨ ᠦ᠌ ᠬᠥᠭᠵᠢᠨ ᠪᠠᠳᠠᠷᠠᠬᠤ ᠬᠦᠴᠦᠨ ᠦ᠌ ᠬᠢᠨᠢ ᠪᠠᠲᠤ ᠰᠠᠭᠤᠷᠢ ᠪᠣᠯᠤᠭᠰᠠᠨ ᠭᠡᠳᠡᠭ᠃
ᠵᠠ᠂ ᠮᠢᠨᠦ ᠬᠡᠦᠬᠡᠳ ᠦ᠋ᠳ ᠣᠢᠯᠠᠭᠠᠪᠠ ᠤᠤ ? ᠣᠢᠯᠠᠭᠠᠭᠰᠠᠨ ᠤᠤ ? ᠶᠡᠬᠡ ᠰᠠᠢᠨ ᠪᠠᠢᠨ᠎ᠠ᠂ ᠪᠢᠯᠢᠭᠦᠨᠠ ᠣᠢᠯᠭᠠᠭᠰᠠᠨ ᠤᠤ!ᠮᠢᠨᠦ ᠬᠦᠦ ᠠ᠂ ᠵᠠ᠃ ᠭᠠᠭᠴᠠ ᠭᠠᠭᠴᠠ ᠪᠠᠷ ᠶᠠᠪᠤᠬᠤ ᠶᠤᠮ ᠪᠣᠯ ᠭᠠᠷ ᠤ᠋ᠨ ᠠᠶᠠᠰ ᠢ᠋ᠶ᠋ᠠᠷ ᠯᠠ ᠬᠤᠭᠤᠷᠴᠢᠬᠠᠨᠠ᠃ ᠣᠯᠠᠭᠤᠯᠠ ᠪᠠᠨ ᠪᠦᠷ ᠢᠩᠭᠢᠭᠡᠳ ᠬᠠᠮᠲᠤ ᠳ᠋ᠤ᠌ ᠪᠠᠨ ᠬᠦᠴᠦ ᠪᠡᠨ ᠨᠢᠭᠡᠳᠬᠡᠵᠦ ᠶᠠᠪᠤᠪᠠᠯ ᠣᠷᠴᠢᠯᠠᠩ ᠤ᠋ᠨ ᠣᠷᠣᠢ ᠳ᠋ᠤ᠌ ᠴᠤ᠌ ᠬᠦᠷᠴᠦ ᠪᠣᠯᠤᠨ᠎ᠠ ᠭᠡᠰᠡᠨ ᠦᠭᠡ᠃ ᠵᠠ᠂ᠢᠩᠭᠢᠭᠡᠳ ᠡᠨᠡ ᠬᠦ᠌ ᠠᠯᠤᠩᠭᠤᠸ᠎ᠠ ᠡᠬᠡ ᠶ᠋ᠢᠨ ᠰᠤᠷᠭᠠᠯ ᠢ᠋ᠶ᠋ᠠᠷ ᠡᠨᠡ ᠦᠳᠡᠰᠢ ᠶ᠋ᠢᠨ ᠰᠤᠷᠭᠠᠯ ᠳᠣᠮᠣᠭ ᠢ᠋ᠶ᠋ᠠᠨ ᠵᠢᠷᠭᠠᠭᠠᠶ᠎ᠠ ᠳᠠ᠃
ᠦᠰᠦᠭ ᠠᠮᠢᠯᠠᠭᠤᠯᠤᠭᠰᠠᠨ ᠨᠢ᠄ᠭᠠᠸᠠ
ᠦᠰᠦᠭ ᠬᠠᠲᠠᠭᠰᠠᠨ ᠨᠢ᠄ ᠭᠠᠸᠠ
ᠬᠢᠨᠠᠭᠴᠢ ᠪᠠᠭᠰᠢ᠄ ᠠᠯᠲᠠᠡᠠᠭᠤᠯᠠ ᠂ ᠢᠷᠡᠭᠡᠳᠦᠢ᠂ ᠪᠠᠶᠠᠷᠴᠡᠴᠡᠭ᠂ ᠭᠠᠷᠮ᠎ᠠ
