ᠳᠤᠷᠠᠯᠠᠯ - ᠠᠷᠲᠠᠢ Дурлал - Артай
ᠳᠤᠷᠠᠯᠠᠯ
1
ᠭᠣᠣᠯ ᠤ᠋ᠨ ᠬᠠᠵᠠᠭᠤᠳᠠ ᠪᠢᠳᠡ ᠬᠣᠶᠠᠭᠤᠯᠠ ᠰᠠᠭᠤᠳᠠᠭ ᠪᠠᠢᠭᠰᠠᠨ ᠠ᠋ ᠂
ᠭᠣᠣᠯ ᠣᠷᠣᠭᠰᠢ ᠪᠠᠨ ᠶᠠᠪᠤᠬᠤ ᠪᠠᠨ ᠪᠠᠢᠴᠢᠬᠠᠭᠠᠳ ᠪᠢᠳᠡ ᠬᠣᠶᠠᠷ ᠤ᠋ᠨ ᠬᠠᠵᠠᠭᠤᠳᠠ ᠰᠠᠭᠤᠳᠠᠭ ᠪᠠᠢᠭᠰᠠᠨ ᠠ᠋ ᠃
ᠲᠡᠷᠡ ᠡᠳᠦᠷ ᠪᠣᠷᠣᠭᠠᠯᠠᠮᠠᠷ ᠪᠠᠢᠭᠰᠠᠨ ᠂ ᠴᠤᠪᠠ ᠪᠠᠨ ᠠᠪᠤᠭᠠᠴᠢᠭᠰᠠᠨ᠃
ᠲᠡᠭᠡᠬᠦ ᠳ᠋ᠦ᠍ ᠪᠣᠷᠣᠭ᠎ᠠ ᠣᠷᠣᠭ᠎ᠠ ᠦᠭᠡᠢ ᠰᠢᠦ ᠂ ᠴᠡᠯᠮᠡᠭᠡᠳ ᠯᠡ ᠥᠭᠴᠢᠬᠡᠭᠰᠡᠨ ᠠ᠋ ᠃
ᠲᠡᠭᠷᠢ ᠪᠢᠳᠡᠨ ᠦ᠌ ᠰᠡᠳᠬᠢᠯ ᠢ᠋ ᠮᠡᠳᠡᠵᠦ ᠪᠠᠢᠭᠰᠠᠨ ᠠ᠋ ᠁
2
《ᠬᠠᠢᠷᠠᠲᠠᠢ ᠤᠤ ?》 ᠭᠡᠵᠦ ᠪᠢ ᠴᠢᠮ᠎ᠠ ᠠ᠋ᠴᠠ ᠭᠠᠭᠴᠠ ᠪᠢᠰᠢ ᠤᠳᠠᠭ᠎ᠠ ᠠᠰᠠᠭᠤᠭᠰᠠᠨ ᠃
《 ᠬᠠᠢᠷᠠᠲᠠᠢ !》ᠭᠡᠵᠦ ᠴᠢ ᠨᠠᠳᠠ ᠭᠠᠭᠴᠠ ᠤᠳᠠᠭ᠎ᠠ ᠴᠤ᠌ ᠬᠡᠯᠡᠭᠡ ᠦᠭᠡᠢ ᠠ᠋ ᠃
ᠪᠢ ᠡᠨᠡ ᠦᠭᠡ ᠶ᠋ᠢ ᠰᠣᠨᠣᠰᠤᠶ᠎ᠠ ᠭᠡᠵᠦ ᠰᠣᠨᠢᠨ ᠤᠩᠰᠢᠵᠤ ᠴᠢᠳᠠᠬᠤ ᠪᠣᠯᠤᠭᠰᠠᠨ ᠃ ᠰᠤᠸᠠᠮᠫᠠᠨ ᠪᠣᠳᠣᠵᠤ ᠴᠢᠳᠠᠬᠤ ᠪᠣᠯᠤᠭᠰᠠᠨ ᠃ ᠪᠠᠷᠢᠭᠠᠳᠠ ᠶ᠋ᠢᠨ ᠥᠨᠥ 《55 》 ᠶ᠋ᠢ ᠴᠦ᠍ ᠪᠠᠷᠢᠪᠠᠯ ᠬᠥᠳᠡᠯᠭᠡᠴᠢᠬᠦ ᠪᠣᠯᠤᠭᠰᠠᠨ ᠠ᠋ ᠃
ᠪᠢ ᠡᠨᠡ ᠦᠭᠡ ᠶ᠋ᠢ ᠰᠣᠨᠣᠰᠤᠶ᠎ᠠ ᠭᠡᠵᠦ ᠠᠷᠢᠬᠢᠨ ᠳ᠋ᠤ᠌ ᠳᠡᠪᠲᠦᠵᠦ ᠠᠭᠰᠤᠮ ᠲᠠᠯᠪᠢᠳᠠᠭ ᠶᠠᠨ ᠪᠦᠷ ᠪᠠᠢᠭᠠᠳ ᠠᠳᠤᠭᠤᠨ ᠤ᠋ ᠡᠷᠯᠢᠭ ᠂ᠠᠵᠢᠯ ᠤ᠋ᠨ ᠳᠠᠷᠤᠯᠭ᠎ᠠ ᠶᠠᠪᠤᠭᠰᠠᠨ ᠃ᠬᠥᠳᠡᠭᠡ ᠲᠤᠭᠤᠯᠯᠠᠭᠰᠠᠨ ᠬᠦᠷᠦᠭᠴᠢ ᠦᠨᠢᠶᠡᠨ ᠦ᠌ ᠴᠢᠨᠢ ᠲᠤᠭᠤᠯ ᠢ᠋ ᠬᠥᠪᠥᠩᠲᠡᠢ ᠳᠡᠪᠡᠯ ᠳ᠋ᠡᠭᠡᠨ ᠪᠣᠭᠣᠭᠠᠳ ᠭᠡᠷ ᠲᠦ᠍ ᠴᠢᠨᠢ ᠠᠪᠴᠢᠷᠠᠵᠤ ᠦᠭᠭᠦᠭᠰᠡᠨ ᠠ᠋ ᠁
ᠲᠡᠭᠡᠬᠦ ᠳ᠋ᠦ᠍ ᠴᠢ ᠨᠠᠳᠠ
ᠲᠡᠷᠡ ᠦᠭᠡ ᠶ᠋ᠢ ᠱᠠᠩᠨᠠᠭᠠ ᠦᠭᠡᠢ ᠃
ᠲᠡᠷᠡ ᠦᠭᠡ ᠶ᠋ᠢ ᠲᠩᠷᠢ ᠪᠤᠯᠢᠶᠠᠴᠢᠬᠠᠪᠠ ᠤᠤ ?
ᠲᠡᠩᠴᠡᠬᠦ ᠬᠢᠷᠢ ᠦᠭᠡᠢ ᠲᠡᠨᠡᠭ ᠪᠣᠳᠣᠯ ᠮᠢᠨᠢ ᠦᠷᠭᠦᠭᠡᠴᠢᠬᠡᠪᠡ ᠦᠦ ?
ᠠᠯᠢ ᠦᠭᠡᠢᠪᠡᠯ ᠬᠣᠩᠭᠣᠷ ᠮᠢᠨᠢ ᠂ ᠨᠠᠮᠠᠶ᠋ᠢ
ᠭᠡᠨᠡᠳᠲᠡᠬᠡᠨ ᠣᠯᠤᠭᠠᠳ ᠰᠣᠨᠣᠰᠴᠢᠬᠠᠪᠠᠯ ᠨᠣᠴᠣᠴᠢᠬᠠᠬᠤ ᠠ᠋ᠴᠠ ᠠᠶᠤᠵᠤ ᠪᠠᠢᠨ᠎ᠠ ᠤᠤ ?
ᠭᠡᠳᠡᠷᠭᠦ ᠪᠡᠨ ᠰᠠᠨᠠᠭ᠎ᠠ ᠠᠮᠤᠷᠴᠢᠬᠠᠭᠠᠳ ᠨᠣᠷᠴᠢᠬᠠᠬᠤ ᠠ᠋ᠴᠠ ᠵᠣᠪᠠᠵᠤ ᠪᠠᠢᠨ᠎ᠠ ᠤᠤ ?
ᠡᠰᠡᠬᠦᠯ᠎ᠡ ᠴᠢ ᠮᠢᠨᠢ ᠂ ᠬᠠᠷᠢᠨ
ᠡᠨᠡ ᠦᠭᠡ ᠪᠡᠨ ᠨᠥᠭᠡᠵᠦ ᠲᠠᠯᠪᠢᠭᠠᠳ
ᠡᠷ᠎ᠡ ᠵᠣᠷᠢᠭ ᠮᠢᠨᠢ ᠰᠤᠯᠠᠷᠠᠬᠤ ᠦᠶ᠎ᠡ ᠳ᠋ᠦ᠍
ᠡᠯᠢᠭᠡ ᠵᠢᠷᠦᠬᠡ ᠮᠢᠨᠢ ᠰᠡᠪᠲᠦᠬᠦ ᠴᠠᠭ ᠲᠤ᠌
ᠡᠷᠴᠢᠯᠡᠵᠦ ᠭᠠᠩᠨᠠᠵᠤ ᠴᠢᠳᠠᠬᠤ ᠡᠮ ᠪᠣᠯᠭᠠᠨ ᠨᠠᠢᠷᠠᠵᠤ ᠪᠠᠢᠨ᠎ᠠ ᠤᠤ ⁈
3
ᠴᠢᠮ᠎ᠠ ᠳ᠋ᠤ᠌ ᠯᠠ ᠳᠤᠷᠠᠯᠠᠭᠰᠠᠨ ᠠ᠋ᠴᠠ ᠬᠣᠢᠰᠢ ᠬᠣᠷᠸ᠋᠎ᠠ ᠶ᠋ᠢᠨ ᠬᠡᠦᠬᠡᠨ ᠨᠦ᠍ᠭᠦᠳ ᠴᠥᠮ ᠠᠯᠠᠭ᠎ᠠ ᠪᠣᠯᠤᠭᠠᠳ ᠦᠭᠴᠢᠬᠡᠯ᠎ᠡ ᠃
ᠨᠠᠮᠤᠷ ᠤ᠋ᠨ ᠭᠠᠯᠠᠭᠤ ᠰᠢᠭ᠋ ᠪᠤᠴᠠᠭᠠᠳ
ᠪᠤᠴᠠᠭᠠᠳ ᠠᠯᠠᠭ᠎ᠠ ᠪᠣᠯᠤᠭ᠎ᠠ ᠦᠭᠡᠢ ᠠ᠋ ᠂
ᠨᠠᠷᠠ ᠰᠢᠭ᠋ ᠰᠠᠢᠬᠠᠨ ᠵᠢᠰᠦᠨ ᠳ᠋ᠦ᠍ ᠴᠢᠨᠢ
ᠵᠢᠪᠦᠭᠡᠳ ᠵᠢᠪᠦᠭᠡᠳ ᠯᠡ ᠠᠯᠠᠭ᠎ᠠ ᠪᠣᠯᠴᠢᠬᠠᠯ᠎ᠠ ᠃
ᠴᠢᠮᠠᠲᠤ ᠳᠤᠷᠠᠯᠠᠭᠰᠠᠨ ᠮᠢᠨᠦ ᠵᠥᠪ ᠃
ᠴᠢᠮᠠᠲᠤ ᠯᠠ ᠳᠤᠷᠠᠯᠠᠭᠤᠯᠬᠤ ᠪᠠᠷ ᠮᠢᠨᠦ ᠵᠠᠯᠠᠭᠤ ᠢᠷᠡᠵᠡᠢ ᠃ ᠴᠢᠨᠦ ᠵᠠᠯᠠᠭᠤ ᠨᠠᠰᠤ ᠢᠷᠡᠭᠦᠯᠵᠡᠢ ᠃
ᠨᠠᠮᠠᠶ᠋ᠢ ᠯᠠ ᠳᠤᠷᠠᠯᠠᠭᠤᠯᠬᠤ ᠪᠠᠷ ᠴᠢ ᠬᠣᠷᠸ᠋᠎ᠠ ᠳ᠋ᠤ᠌ ᠵᠠᠶᠠᠭᠠᠵᠠᠢ ᠃ ᠬᠣᠷᠸ᠋᠎ᠠ ᠨᠠᠳᠠ ᠵᠠᠶᠠᠭᠠᠵᠠᠢ ᠃
ᠴᠢᠮᠠᠲᠤ ᠳᠤᠷᠠᠯᠠᠭᠰᠠᠨ ᠮᠢᠨᠦ ᠵᠥᠪ ᠃
ᠴᠢᠮᠠᠲᠤ ᠳᠤᠷᠠᠯᠠᠭᠰᠠᠨ ᠮᠢᠨᠦ ᠪᠤᠷᠤᠭᠤ ᠃
ᠲᠡᠷᠡ ᠡᠳᠦᠷ ᠡᠴᠡ ᠯᠡ ᠪᠢ ᠵᠣᠪᠠᠯᠠᠩ ᠳ᠋ᠤ᠌ ᠤᠨᠠᠭᠰᠠᠨ ᠃
ᠵᠣᠪᠠᠬᠤ ᠳᠤᠷᠠᠲᠠᠢ ᠴᠤ᠌ ᠪᠣᠯᠤᠭᠰᠠᠨ ᠃
ᠮᠢᠨᠦ ᠰᠡᠳᠬᠢᠯ ᠶᠡᠷᠦᠨᠢ ᠡᠢᠮᠦ ᠬᠡᠪᠡᠷᠡᠭ ᠪᠠᠢᠭ᠎ᠠ ᠦᠭᠡᠢ ᠃
ᠮᠢᠨᠦ ᠰᠠᠷᠠᠯ ᠶᠡᠷᠦᠨᠢ ᠲᠡᠢᠮᠦ ᠰᠣᠷᠭᠣᠭ ᠦᠭᠡᠢ ᠃
ᠡᠷ᠎ᠡ ᠬᠥᠮᠦᠨ ᠪᠢ
ᠡᠨᠡ ᠵᠣᠪᠠᠯᠠᠩ ᠳ᠋ᠤ᠌ ᠯᠠ ᠲᠡᠰᠪᠦᠷᠢ ᠲᠡᠪᠴᠢᠶᠡᠷᠢ ᠠᠯᠳᠠᠭᠰᠠᠨ ᠃
ᠴᠢᠮᠠᠲᠤ ᠳᠤᠷᠠᠯᠠᠭᠰᠠᠨ ᠮᠢᠨᠦ ᠪᠤᠷᠤᠭᠤ ᠃
4
ᠪᠣᠯᠵᠣᠭ᠎ᠠ ᠰᠠᠢᠬᠠᠨ᠃
ᠪᠤᠷᠠᠮ ᠰᠢᠭ᠋ ᠰᠠᠢᠬᠠᠨ ᠠ᠋ ᠃
ᠴᠢᠮᠠᠶ᠋ᠢ ᠬᠦᠯᠢᠶᠡᠭᠡᠳ ᠵᠢᠷᠦᠬᠡ ᠲᠦᠭᠰᠢᠬᠦ ᠰᠠᠢᠬᠠᠨ ᠃
ᠴᠠᠭᠠᠨ ᠤᠯᠢᠶᠠᠰᠤᠨ ᠳ᠋ᠤ᠌ ᠢᠴᠢᠭᠡᠳ ᠨᠢᠭᠤᠷ ᠢ᠋ᠶ᠋ᠠᠨ ᠨᠠᠭᠠᠬᠤ ᠰᠠᠢᠬᠠᠨ ᠠ᠋ ᠃
ᠴᠢ ᠵᠢᠷᠭᠠᠯ ᠲᠠᠢ ᠴᠣᠭ ᠢᠷᠡᠳᠡᠭ ᠪᠠᠢᠭᠰᠠᠨ ᠃
ᠪᠢ ᠰᠣᠭᠲᠣᠳᠠᠭ ᠪᠠᠢᠭᠰᠠᠨ ᠃
ᠴᠢ ᠳᠠᠯᠠᠢ ᠲᠠᠢ ᠴᠣᠭ ᠢᠷᠡᠳᠡᠭ ᠪᠠᠢᠭᠰᠠᠨ ᠃
ᠪᠢ ᠵᠢᠪᠪᠦᠳᠡᠭ ᠪᠠᠢᠭᠰᠠᠨ ᠃
ᠴᠢ ᠴᠡᠩᠬᠡᠷ ᠳᠤᠷᠳᠤᠩ ᠠᠯᠴᠢᠭᠤᠷ ᠵᠠᠩᠭᠢᠳᠴᠢᠬᠠᠭᠠᠳ ᠢᠷᠡᠳᠡᠭ ᠪᠠᠢᠭᠰᠠᠨ ᠃
ᠴᠢᠨᠦ ᠡᠪᠦᠳᠦᠭ ᠢ᠋ ᠳᠡᠷᠡᠯᠡᠭᠡᠳ ᠪᠢ
ᠴᠡᠩᠬᠡᠷ ᠲᠡᠭᠷᠢ ᠶ᠋ᠢ ᠪᠠᠷᠠᠯᠠᠳᠠᠭ ᠪᠠᠢᠭᠰᠠᠨ ᠃
ᠲᠡᠭᠷᠢ ᠨᠢ ᠴᠢ ᠪᠠᠢᠭᠰᠠᠨ ᠃
ᠲᠡᠷᠡ ᠨᠠᠷᠠ ᠴᠢᠨᠦ ᠢᠨᠢᠶᠡᠳᠦ ᠪᠠᠢᠭᠰᠠᠨ ᠃
ᠲᠡᠢᠮᠦ ᠠ᠋ ! ᠮᠢᠨᠦ ᠨᠠᠷᠠ ᠪᠠᠢᠭᠰᠠᠨ --
ᠭᠠᠵᠠᠷ ᠪᠦᠬᠦᠨ ᠳ᠋ᠦ᠍ ᠲᠦᠭᠡᠭᠡᠳᠡᠭ ᠦᠭᠡᠢ
ᠭᠠᠯ ᠰᠢᠯ ᠰᠢᠭ ᠨᠠᠳᠠ ᠳᠡᠭᠡᠷ᠎ᠡ ᠯᠡ ᠲᠥᠪᠯᠡᠷᠡᠳᠡᠭ ᠨᠠᠷᠠ ᠪᠠᠢᠭᠰᠠᠨ ᠃
ᠪᠤᠷᠭᠠᠰᠤ ᠰᠢᠭ᠋ ᠨᠠᠮᠠᠶ᠋ᠢ ᠰᠢᠲᠠᠭᠠᠭᠠ ᠦᠭᠡᠢ
ᠪᠣᠯᠣᠳ ᠰᠢᠭ᠋ ᠨᠠᠮᠠᠶ᠋ᠢ ᠬᠠᠲᠠᠭᠠᠳᠠᠭ᠃
ᠨᠠᠷᠠ -- ᠴᠢ ᠪᠠᠢᠭᠰᠠᠨ ᠠ᠋ ᠃
5
ᠬᠣᠶᠠᠭᠤᠯᠠ ᠪᠠᠨ ᠬᠤᠷᠢᠮᠯᠠᠶᠠ ᠭᠡᠵᠦ ᠴᠢ ᠬᠡᠯᠡᠭᠰᠡᠨ ᠃
ᠬᠣᠷᠭᠣ ᠲᠠᠢ ᠬᠤᠷᠢᠮᠯᠠᠶᠠ ᠭᠡᠵᠦ ᠴᠢ ᠬᠡᠯᠡᠭᠡ ᠦᠭᠡᠢ ᠃
ᠬᠣᠷᠢᠨ ᠼᠦᠨ ᠦ᠌ ᠪᠤᠳᠤᠭᠲᠤ ᠵᠢᠷᠤᠭᠲᠤ ᠷᠠᠳᠢᠣ᠋ ᠲᠠᠢ ᠃
ᠬᠣᠶᠠᠷ ᠮᠢᠩᠭᠠᠨ ᠲᠥᠭᠥᠷᠢᠭ ᠦ᠋ᠨ ᠳᠠᠭᠤᠨ ᠰᠢᠩᠭᠡᠭᠡᠬᠦ ᠮᠠᠰᠢᠨ ᠲᠠᠢ ᠃
ᠳᠥᠴᠢ ᠲᠠᠪᠢᠨ ᠮᠣᠳᠣ ᠲᠡᠮᠦᠷ ᠬᠥᠯ ᠲᠡᠢ ᠃
ᠳᠥᠷᠪᠡᠨ ᠴᠠᠭ ᠤ᠋ᠨ ᠭᠣᠶᠣ ᠳᠡᠭᠵᠢᠨ ᠵᠠᠰᠠᠯ ᠲᠠᠢ
ᠳᠡᠭᠡᠷ᠎ᠡ ᠨᠢ ᠪᠠᠰᠠ ᠴᠠᠬᠢᠯᠭᠠᠨ ᠬᠥᠷᠥᠭᠡᠭᠴᠢ ᠲᠡᠢ
ᠳᠡᠷᠡ ᠨᠢᠭᠡᠳᠦᠶ᠎ᠡ ᠭᠡᠵᠦ ᠴᠢ ᠰᠠᠨᠠᠭ᠎ᠠ ᠦᠭᠡᠢ ᠃
ᠴᠢᠮ᠎ᠠ ᠲᠠᠢ ᠪᠠᠨ ᠰᠠᠭᠤᠨ᠎ᠠ ᠭᠡᠵᠦ ᠴᠢ ᠢᠨᠢᠶᠡᠭᠰᠡᠨ ᠃
ᠴᠠᠯᠢᠩ ᠲᠠᠢ ᠰᠠᠭᠤᠨ᠎ᠠ ᠭᠡᠵᠦ ᠴᠢ ᠬᠠᠨᠢᠶᠠᠭᠠ ᠦᠭᠡᠢ ᠃
ᠺᠢᠨᠣ᠋ ᠲᠣᠭᠯᠠᠳᠠᠭ ᠭᠣᠣᠯ ᠪᠠᠭᠠᠲᠤᠷ ᠪᠢᠰᠢ ᠪᠡᠨ ᠪᠢ ᠮᠡᠳᠡᠨ᠎ᠡ ᠃
ᠺᠢᠨᠣ᠋ ᠣᠷᠳᠣᠨ ᠴᠡᠪᠡᠷᠯᠡᠳᠡᠭ ᠭᠣᠣᠯ ᠪᠠᠭᠠᠲᠤᠷ ᠢ᠋ ᠮᠢᠨᠢ ᠴᠢ ᠴᠦ᠍ ᠮᠡᠳᠡᠨ᠎ᠡ ᠃
ᠬᠠᠭᠠᠰ ᠵᠠᠩ ᠭᠡᠷ ᠲᠦ᠍ ᠡᠵᠢ ᠲᠡᠢ ᠪᠡᠨ ᠰᠠᠭᠤᠳᠠᠭ ᠢ᠋ᠶ᠋ᠠᠨ ᠪᠢ ᠮᠡᠳᠡᠨ᠎ᠡ᠃
ᠬᠠᠳᠠᠭᠠᠯᠠᠮᠵᠢ ᠳᠡᠭᠡᠷ᠎ᠡ ᠲᠠᠪᠢᠨ ᠭᠤᠷᠪᠠᠨ ᠲᠥᠭᠥᠷᠢᠭ ᠲᠡᠢ ᠶ᠋ᠢ ᠴᠢ ᠴᠦ᠍ ᠮᠡᠳᠡᠨ᠎ᠡ ᠃
ᠬᠠᠳᠠᠮ ᠠᠪᠤ ᠶ᠋ᠢᠨ ᠢ᠋ᠶ᠋ᠡᠨ ᠬᠡᠯᠲᠡᠰ ᠦ᠋ᠨ ᠳᠠᠷᠤᠭ᠎ᠠ ᠵᠡᠷᠭᠡ ᠲᠡᠢ
ᠬᠠᠷ᠎ᠠ ᠰᠢᠷ ᠭᠢᠯᠲᠠᠭᠠᠨᠠᠭᠰᠠᠨ ᠰᠠᠭᠤᠳᠠᠯ ᠤ᠋ᠨ ᠪᠠᠭ᠎ᠠ ᠮᠠᠰᠢᠨ ᠲᠠᠢ
ᠬᠠᠨᠢᠯᠠᠵᠤ ᠰᠠᠭᠤᠨ᠎ᠠ ᠭᠡᠵᠦ ᠴᠢ ᠬᠦᠰᠡᠭᠡ ᠦᠭᠡᠢ
ᠬᠠᠮᠢᠭ᠎ᠠ ᠪᠠᠢᠳᠠᠭ ᠪᠣᠯ ᠭᠡᠵᠦ ᠴᠢ ᠡᠷᠢᠭᠡ ᠦᠭᠡᠢ
ᠬᠠᠢᠷᠠᠲᠠᠢ ᠴᠢᠮ᠎ᠠ ᠲᠠᠢ ᠪᠠᠨ ᠯᠠ ᠭᠡᠵᠦ ᠴᠢ ᠢᠨᠢᠶᠡᠭᠰᠡᠨ ᠠ᠋ ᠃
ᠴᠢ ᠨᠠᠳᠠ ᠦᠨᠡᠨ ᠳᠤᠷᠠᠯᠠᠵᠠᠢ ᠃
ᠴᠢ ᠬᠥᠮᠦᠨ ᠪᠣᠯᠬᠣᠷ ᠬᠥᠮᠦᠨ ᠳ᠋ᠦ᠍ ᠳᠤᠷᠠᠯᠠᠵᠠᠢ ᠃
6
ᠪᠢ ᠴᠢᠮ᠎ᠠ ᠳ᠋ᠤ᠌ ᠬᠠᠢᠷᠠᠲᠠᠢ ᠶ᠋ᠢ ᠬᠡᠨ ᠴᠦ᠍ ᠮᠡᠳᠡᠬᠦ ᠦᠭᠡᠢ ᠃
ᠮᠥᠰᠥ ᠲᠡᠢ ᠣᠷᠭᠢᠯ ᠳᠡᠭᠡᠷ᠎ᠡ ᠬᠠᠷᠠᠭᠤᠯ ᠤ᠋ᠨ ᠪᠠᠢᠷᠢᠨ ᠳ᠋ᠤ᠌ ᠡᠨᠡ ᠨᠢᠭᠤᠴᠠ ᠶ᠋ᠢ ᠮᠢᠨᠢ ᠲᠠᠭᠠᠷᠠᠴᠢᠬᠠᠬᠤ ᠪᠣᠢ ᠭᠡᠵᠦ ᠳᠤᠯᠠᠭᠠᠯᠠᠵᠤ ᠶᠠᠪᠤᠭᠰᠠᠨ ᠡᠯᠢᠭᠡᠪᠴᠢ ᠮᠢᠨᠢ ᠮᠡᠳᠡᠨ᠎ᠡ ᠃ ᠡᠩᠭᠡᠷ ᠢ᠋ ᠨᠢ ᠵᠥᠷᠢᠭᠦᠯᠵᠦ ᠲᠣᠪᠴᠢᠯᠠᠭᠰᠠᠨ ᠴᠡᠷᠢᠭ ᠦ᠋ᠨ ᠨᠣᠭᠣᠭᠠᠨ ᠳ᠋ᠠᠴᠠᠩ ᠮᠢᠨᠢ ᠮᠡᠳᠡᠨ᠎ᠡ ᠃
ᠪᠢ ᠴᠢᠮ᠎ᠠ ᠳ᠋ᠤ᠌ ᠬᠠᠢᠷᠠᠲᠠᠢ ᠶ᠋ᠢ ᠴᠢᠮ᠎ᠠ ᠠ᠋ᠴᠠ ᠥᠭᠡᠷ᠎ᠡ ᠡᠬᠡ ᠣᠷᠣᠨ ᠮᠢᠨᠢ ᠮᠡᠳᠡᠨ᠎ᠡ ᠃ ᠡᠩᠬᠦᠷᠡᠢ ᠴᠢ ᠮᠢᠨᠢ ᠳᠣᠲᠣᠷ᠎ᠠ ᠨᠢ ᠪᠠᠭᠲᠠᠭᠰᠠᠨ ᠡᠬᠡ ᠣᠷᠣᠨ ᠮᠢᠨᠢ ᠮᠡᠳᠡᠨ᠎ᠡ ᠃
ᠬᠠᠢᠷᠠᠲᠠᠢ ᠡᠬᠡ ᠣᠷᠣᠨ ᠤ᠋ ᠪᠠᠨ ᠲᠥᠯᠥᠭᠡ
ᠬᠠᠢᠷᠠᠲᠤ ᠴᠢᠨᠦᠬᠢ ᠪᠡᠨ ᠲᠥᠯᠥᠭᠡ
ᠬᠠᠷᠠᠭᠤᠯ ᠳ᠋ᠤ᠌ ᠪᠢ ᠵᠣᠭᠰᠣᠵᠤ ᠪᠠᠢᠨ᠎ᠠ ᠃
ᠬᠠᠢᠷ᠎ᠠ ᠪᠢ ᠮᠠᠨᠠᠵᠤ ᠪᠠᠢᠨ᠎ᠠ ᠃
7
ᠥᠨᠥᠳᠥᠷ ᠴᠢᠨᠦ ᠵᠠᠬᠢᠳᠠᠯ ᠢ᠋ ᠭᠠᠷᠲᠠᠯ᠎ᠠ ᠃
ᠦᠰᠦᠭ ᠨᠢ ᠴᠢᠨᠦ ᠨᠢᠳᠦ ᠰᠢᠭ ᠲᠣᠷᠮᠣᠯᠵᠠᠵᠤ ᠪᠠᠢᠯ᠎ᠠ ᠃
ᠡᠨᠡ ᠵᠠᠬᠢᠳᠠᠯ ᠢ ᠪᠢᠴᠢᠬᠦ ᠳ᠋ᠦ᠍ ᠢᠴᠢᠵᠦ ᠳᠣᠭᠳᠣᠯᠤᠭᠰᠠᠨ ᠵᠢᠷᠦᠬᠡ ᠴᠢᠨᠢ ᠡᠪᠬᠡᠭᠡᠲᠡᠢ ᠴᠠᠭᠠᠰᠤᠨ ᠳ᠋ᠤ᠌ ᠪᠠᠭᠯᠠᠭᠰᠠᠨ ᠬᠡᠪ ᠢ᠋ᠶ᠋ᠡᠷ ᠢ᠋ᠶ᠋ᠡᠨ ᠢᠷᠡᠵᠦ ᠯᠠ ᠳᠠ᠃
ᠶᠠᠮᠠᠷ ᠨᠢᠭᠡᠨ ᠪᠣᠳᠣᠯ ᠳ᠋ᠤ᠌ ᠮᠢᠨᠦ ᠨᠢᠭᠤᠷ ᠤᠯᠠᠢᠯᠠ ᠃
ᠪᠢ ᠵᠠᠬᠢᠳᠠᠯ ᠢ᠋ᠶ᠋ᠠᠷ ᠴᠢᠨᠢ ᠰᠡᠩᠳᠡ ᠮᠡᠩᠳᠡ ᠨᠢᠭᠤᠷ ᠢ᠋ᠶ᠋ᠠᠨ ᠲᠠᠭᠯᠠᠪᠠ ᠃
ᠪᠢ ᠴᠢᠨᠦ ᠡᠦᠲᠦ ᠰᠢᠭ ᠴᠣᠭᠲᠠᠢ ᠬᠣᠶᠠᠷ ᠨᠢᠳᠦ ᠶ᠋ᠢ ᠣᠨᠴᠣᠭᠣᠢᠯᠠᠨ ᠳᠤᠭᠤᠢ ᠡᠭᠴᠡᠯᠡᠨ ᠰᠢᠷᠲᠡᠬᠦ ᠳᠤᠷᠠᠲᠠᠢ ᠪᠠᠢᠳᠠᠭ ᠠ᠋ ᠃
ᠲᠡᠭᠡᠬᠦ ᠳ᠋ᠦ᠍ ᠴᠢ ᠂ ᠨᠠᠷᠠᠨ ᠳ᠋ᠤ᠌ ᠪᠤᠳᠤᠭᠰᠢᠭᠰᠠᠨ ᠡᠭᠦᠯᠡ ᠰᠢᠭ ᠬᠠᠰ ᠤ᠋ᠨ ᠴᠢᠷᠠᠢ ᠪᠠᠨ ᠤᠯᠠᠢᠯᠭᠠᠨ ᠰᠠᠷᠭᠠᠢ ᠶᠠᠭᠠᠨ ᠠᠯᠴᠢᠭᠤᠷ ᠢ᠋ᠶ᠋ᠠᠷ ᠢ᠋ᠶ᠋ᠠᠨ ᠰᠡᠩᠳᠡ ᠮᠡᠩᠳᠡ ᠮᠢᠨᠦ ᠨᠢᠭᠤᠷ ᠢ᠋ ᠲᠠᠭᠯᠠᠴᠢᠬᠠᠳᠠᠭ ᠠ᠋ ᠁
ᠢᠰᠢ! ᠴᠢᠨᠦ ᠮᠢᠨᠢ ᠠᠯᠴᠢᠭᠤᠷ ᠬᠦᠷᠦᠭᠡᠳ ᠢᠷᠡᠴᠢᠬᠡᠵᠦ ᠰᠢᠪᠳᠡ?
ᠮᠢᠨᠦ ᠨᠢᠭᠤᠷ ᠢ᠋ ᠲᠠᠭᠯᠠᠵᠤ ᠥᠩᠭᠡᠷᠡᠭᠰᠡᠨ ᠰᠠᠷᠭᠠᠢ ᠶᠠᠭᠠᠨ ᠠᠯᠴᠢᠭᠤᠷ ᠴᠢᠨᠢ ᠮᠥᠨ! ᠶᠠᠭ ᠮᠥᠨ ᠪᠠᠢᠨ᠎ᠠ ᠡᠨᠡ ᠵᠠᠬᠢᠳᠠᠯ ᠃
8
ᠬᠣᠩᠭᠣᠷ ᠮᠢᠨᠢ ᠢᠷᠡᠭᠡᠷᠡᠢ!
ᠠᠵᠢᠯ ᠳ᠋ᠠᠭᠠᠨ ᠳᠠᠷᠤᠭᠳᠠᠭᠰᠠᠨ ᠠᠯᠵᠢᠶᠠᠯ ᠳᠣᠲᠣᠷ᠎ᠠ ᠮᠢᠨᠢ
ᠠᠷᠠᠳ ᠲᠦᠮᠡᠨ ᠳ᠋ᠡᠭᠡᠨ ᠲᠥᠯᠥᠬᠦ ᠥᠷᠢ ᠳᠣᠲᠣᠷ᠎ᠠ ᠮᠢᠨᠢ
ᠵᠠᠯᠠᠭᠤ ᠨᠠᠰᠤᠨ ᠳ᠋ᠠᠭᠠᠨ ᠠᠮᠵᠢᠵᠤ ᠰᠤᠷᠤᠭᠰᠠᠨ ᠦᠬᠡᠷ ᠭᠡᠮᠰᠢᠯ ᠳᠣᠲᠣᠷ᠎ᠠ ᠮᠢᠨᠢ
ᠵᠠᠯᠭᠠᠬᠤ ᠨᠠᠰᠤᠨ ᠳ᠋ᠠᠭᠠᠨ ᠵᠠᠪᠳᠤᠵᠤ ᠪᠦᠲᠦᠭᠡᠬᠦ ᠪᠠᠶᠠᠰᠤᠯ ᠳᠣᠲᠣᠷ᠎ᠠ ᠮᠢᠨᠢ
ᠬᠣᠩᠭᠣᠷ ᠮᠢᠨᠢ ᠬᠤᠷᠳᠤᠨ ᠣᠷᠣᠴᠤ ᠢᠷᠡᠭᠡᠷᠡᠢ !
9
ᠰᠠᠶᠢᠬᠠᠨ ᠨᠠᠳᠠ ᠨᠢᠭᠡ ᠬᠥᠮᠦᠨ ᠬᠤᠷᠢᠮ ᠢ᠋ᠶ᠋ᠠᠨ ᠬᠡᠯᠡᠭᠡᠳ ᠶᠠᠪᠤᠯ᠎ᠠ ᠃
ᠰᠠᠶᠢ ᠶ᠋ᠢᠨ ᠬᠡᠯᠡᠳᠡᠭ 《 ᠬᠤᠷᠢᠮ 》 ᠭᠡᠳᠡᠭ ᠴᠢᠨᠢ ᠶᠠᠭᠤ ᠪᠣᠢ ᠭᠡᠵᠦ ᠬᠦᠦ ᠮᠢᠨᠢ ᠠᠰᠠᠭᠤᠯ᠎ᠠ ᠃
ᠶᠠᠭᠤ ᠭᠡᠬᠦᠪ ᠳᠧ ᠪᠢ ᠂ ᠬᠦᠦ ᠮᠢᠨᠢ ᠴᠢ ᠰᠠᠶᠢ ᠭᠤᠷᠪᠠᠬᠠᠨ ᠨᠠᠰᠤ ᠲᠠᠢ ᠃
ᠶᠠᠭᠤ ᠭᠡᠵᠦ ᠬᠡᠯᠡᠭᠰᠡᠨ ᠴᠦ᠍ ᠴᠢ ᠣᠢᠯᠠᠭᠠᠬᠤ ᠪᠠᠷ ᠦᠭᠡᠢ ᠰᠢᠦ ᠳᠡ ᠃
ᠦᠨᠡᠨ ᠳ᠋ᠡᠭᠡᠨ ᠬᠤᠷᠢᠮ ᠪᠣᠯ ᠬᠥᠭᠥᠷᠭᠡ ᠶᠦ᠍ᠮ ᠃
ᠥᠩᠭᠡᠷᠡᠮᠡᠭᠴᠡ ᠨᠤᠷᠠᠴᠢᠬᠠᠳᠠᠭ ᠯᠠ ᠬᠥᠭᠥᠷᠭᠡ ᠶᠦ᠍ᠮ ᠠ᠋ ᠃
ᠨᠥᠭᠥᠭᠡ ᠦᠵᠦᠭᠦᠷ ᠲᠤᠨᠢ ᠵᠢᠷᠭᠠᠯ ᠤ᠋ᠨ ᠳ᠋ᠧᠪᠠᠵᠠᠨ ᠲᠤᠶᠠᠭᠠᠯᠠᠵᠤ ᠪᠠᠢᠬᠤ ᠴᠤ᠌ ᠮᠠᠭᠠᠳ ᠦᠭᠡᠢ ᠃
ᠨᠦᠬᠡ ᠰᠢᠭ ᠬᠠᠷᠠᠩᠭᠤᠢ ᠰᠠᠨᠠᠭᠠᠨ ᠤ᠋ ᠭᠢᠨᠳᠠᠨ ᠪᠥᠬᠥᠢᠵᠦ ᠪᠠᠢᠬᠤ ᠴᠤ᠌ ᠶᠠᠳᠠᠬᠤ ᠦᠭᠡᠢ ᠃
10
《 ᠮᠠᠩᠨᠠᠢ ᠳ᠋ᠤ᠌ ᠭᠤᠷᠪᠠᠨ ᠦᠷᠴᠢᠯᠡᠭᠡ ᠁ 》
《ᠶᠠᠭᠠᠬᠢᠬᠤᠪ ᠂ ᠬᠣᠩᠭᠣᠷ ᠮᠢᠨᠢ !
ᠶᠠᠪᠤᠭᠰᠠᠨ ᠵᠠᠮ ᠳ᠋ᠠᠭᠠᠨ ᠂ ᠪᠦᠳᠦᠴᠢᠭᠦᠯᠦᠭᠰᠡᠨ ᠬᠣᠩᠭᠢᠯ ᠳ᠋ᠠᠭᠠᠨ
ᠡᠬᠡ ᠨᠤᠲᠤᠭ ᠤ᠋ᠨ ᠢ᠋ᠶ᠋ᠠᠨ ᠵᠢᠯᠠᠭ᠎ᠠ ᠰᠣᠵᠢᠭ ᠲᠤ᠌
ᠡᠷ᠎ᠡ ᠬᠥᠮᠦᠨ ᠬᠠᠢᠷᠠᠲᠠᠢ ᠪᠠᠢᠳᠠᠭ ᠶᠤᠮ ᠂ ᠬᠣᠩᠭᠣᠷ ᠮᠢᠨᠢ ! 》
《 ᠰᠠᠨᠴᠢᠭ ᠲᠤ᠌ ᠮᠢᠨᠢ ᠭᠤᠷᠪᠠᠨ ᠪᠤᠭᠤᠷᠤᠯ ᠦᠰᠦ ᠁ 》
《 ᠰᠠᠢᠬᠠᠨ ᠯᠠ ᠪᠠᠢᠨ᠎ᠠ᠂ ᠬᠣᠩᠭᠣᠷ ᠮᠢᠨᠢ !
ᠰᠠᠨᠠᠭᠠᠨ ᠤ᠋ ᠰᠦ ᠪᠡᠷ ᠢ᠋ᠶ᠋ᠡᠨ ᠤᠭᠵᠢᠭᠰᠠᠨ ᠬᠣᠢᠴᠢ ᠶ᠋ᠢᠨ ᠴᠢᠨᠢ
ᠰᠠᠷᠠᠭᠤᠯᠬᠠᠨ ᠦᠷ ᠭᠡᠢᠵᠦ ᠯᠡ ᠪᠠᠢᠨ᠎ᠠ ᠳᠠ ᠂ ᠬᠣᠩᠭᠣᠷ ᠮᠢᠨᠢ ! 》
