ᠵᠠᠮ ᠤᠨ ᠬᠥᠳᠡᠯᠭᠡᠭᠡᠨ ᠦ ᠳᠦᠷᠢᠮ-ᠰᠤᠷᠭᠠᠭᠤᠯᠢ ᠶᠢᠨ ᠡᠮᠦᠨᠡᠬᠢ ᠨᠠᠰᠤ ᠴᠠᠬᠢᠮ ᠬᠢᠴᠢᠶᠡᠯЗамын хөдөлгөөний дүрэм _ сургуулийн өмнөх нас _ цахим хичээл
ᠵᠠᠮ ᠤ᠋ᠨ ᠬᠥᠳᠡᠯᠭᠡᠭᠡᠨ ᠦ᠌ ᠳᠦᠷᠢᠮ
ᠲᠡᠭᠡᠭᠡᠪᠦᠷᠢ ᠶ᠋ᠢᠨ ᠬᠡᠷᠡᠭᠰᠡᠯ ᠳ᠋ᠦ᠍ ᠶᠠᠮᠠᠷ ᠶᠠᠮᠠᠷ ᠵᠠᠮ ᠢ᠋ᠶ᠋ᠠᠷ ᠵᠣᠷᠴᠢᠳᠠᠭ ᠪᠣᠢ? ᠬᠠᠮᠲᠤ ᠳ᠋ᠤ᠌ ᠪᠠᠨ ᠬᠠᠷᠠᠵᠠᠭᠠᠶ᠎ᠠ!
ᠤᠰᠤᠨ ᠣᠩᠭᠣᠴᠠ ᠤᠰᠤᠨ ᠵᠠᠮ ᠢ᠋ᠶ᠋ᠠᠷ ᠵᠣᠷᠴᠢᠳᠠᠭ
ᠤᠰᠤᠨ ᠵᠠᠮ
ᠮᠠᠰᠢᠨ ᠠᠦ᠋ᠲ᠋ᠣ᠋ ᠵᠠᠮ ᠢ᠋ᠶ᠋ᠠᠷ ᠵᠣᠷᠴᠢᠳᠠᠭ
ᠠᠦ᠋ᠲ᠋ᠣ᠋ ᠵᠠᠮ
ᠭᠠᠯᠲᠤ ᠲᠡᠷᠭᠡ ᠲᠡᠮᠦᠷ ᠵᠠᠮ ᠢ᠋ᠶ᠋ᠠᠷ ᠵᠣᠷᠴᠢᠳᠠᠭ
ᠲᠡᠮᠦᠷ ᠵᠠᠮ
ᠬᠠᠷᠢᠨ ᠠᠭᠠᠷ ᠤ᠋ᠨ ᠲᠡᠭᠡᠭᠡᠪᠦᠷᠢ ᠶ᠋ᠢᠨ ᠵᠠᠮ ᠬᠠᠷᠠᠭᠳᠠᠬᠤ ᠦᠭᠡᠢ ᠴᠦ᠍ ᠠᠭᠠᠷ ᠤ᠋ᠨ ᠵᠠᠮ ᠪᠠᠢᠳᠠᠭ ᠶᠤᠮ ᠰᠢᠦ
ᠠᠭᠠᠷ ᠤ᠋ᠨ ᠵᠠᠮ
ᠡᠨᠡ ᠪᠣᠯ ᠳᠤᠭᠤᠢ ᠶ᠋ᠢᠨ ᠵᠠᠮ
ᠳᠤᠭᠤᠢ ᠶ᠋ᠢᠨ ᠵᠠᠮ
ᠬᠠᠷᠢᠨ ᠡᠨᠳᠡ ᠶᠠᠪᠠᠭᠠᠨ ᠬᠥᠮᠦᠨ ᠦ᠌ ᠵᠠᠮ ᠪᠠᠢᠨ᠎ᠠ
ᠶᠠᠪᠠᠭᠠᠨ ᠬᠥᠮᠦᠨ ᠦ᠌ ᠵᠠᠮ
ᠡᠳᠡᠭᠡᠷ ᠪᠦᠬᠦ ᠬᠠᠷᠢᠯᠴᠠᠭ᠎ᠠ ᠶ᠋ᠢ ᠵᠣᠬᠢᠴᠠᠭᠤᠯᠤᠭᠴᠢ ᠨᠢ ᠵᠠᠮ ᠤ᠋ᠨ ᠬᠥᠳᠡᠯᠭᠡᠭᠡᠨ ᠦ᠌ ᠳᠦᠷᠢᠮ ᠶᠦᠮ᠃ ᠬᠡᠦᠬᠡᠳ ᠦ᠋ᠳ ᠪᠢᠳᠡ ᠡᠳᠦᠷ ᠪᠦᠷᠢ ᠨᠡᠢᠲᠡ ᠶ᠋ᠢᠨ ᠲᠡᠭᠡᠭᠡᠪᠦᠷᠢ ᠪᠡᠷ ᠵᠣᠷᠴᠢᠬᠤ᠂ ᠬᠤᠪᠢ ᠶ᠋ᠢᠨ ᠤᠨᠤᠭ᠎ᠠ ᠪᠠᠷ ᠵᠣᠷᠴᠢᠬᠤ᠂ ᠶᠠᠪᠠᠭᠠᠨ ᠢ᠋ᠶ᠋ᠠᠷ ᠵᠣᠷᠴᠢᠬᠤ ᠵᠡᠷᠭᠡ ᠪᠡᠷ ᠵᠠᠮ ᠤ᠋ᠨ ᠬᠥᠳᠡᠯᠭᠡᠭᠡᠨ ᠳ᠋ᠦ᠍ ᠣᠷᠣᠯᠴᠠᠵᠤ ᠪᠠᠢᠳᠠᠭ ᠶᠤᠮ᠃ᠲᠡᠢᠮᠦ ᠡᠴᠡ ᠪᠢᠳᠡ ᠵᠠᠮ ᠤ᠋ᠨ ᠬᠥᠳᠡᠯᠭᠡᠭᠡᠨ ᠦ᠌ ᠳᠦᠷᠢᠮ ᠢ᠋ ᠳᠠᠭᠠᠬᠤ ᠬᠡᠷᠡᠭᠲᠡᠢ ᠰᠢᠦ
ᠠᠦ᠋ᠲ᠋ᠣ᠋ ᠵᠠᠮ ᠤ᠋ᠨ ᠲᠡᠮᠳᠡᠭ
ᠡᠨᠡ ᠪᠣᠯ ᠵᠠᠮ ᠬᠥᠨᠳᠡᠯᠡᠨ ᠭᠠᠷᠴᠤ ᠪᠣᠯᠬᠤ ᠶ᠋ᠢ ᠲᠡᠮᠳᠡᠭᠯᠡᠭᠰᠡᠨ ᠶᠠᠪᠠᠭᠠᠨ ᠬᠥᠮᠦᠨ ᠦ᠌ ᠭᠠᠷᠴᠠ ᠶᠤᠮ
ᠭᠠᠷᠴᠠ
ᠬᠠᠷᠢᠨ ᠡᠨᠡ ᠪᠣᠯ ᠬᠡᠦᠬᠡᠳ ᠪᠢᠳᠡᠨ ᠦ᠌ ᠮᠡᠳᠡᠬᠦ ᠭᠡᠷᠡᠯ ᠦ᠋ᠨ ᠳᠣᠬᠢᠶ᠎ᠠ
ᠭᠡᠷᠡᠯ ᠦ᠋ᠨ ᠳᠣᠬᠢᠶ᠎ᠠ ᠨᠢ ᠤᠯᠠᠭᠠᠨ᠂ ᠰᠢᠷ᠎ᠠ᠂ ᠨᠣᠭᠣᠭᠠᠨ ᠭᠡᠰᠡᠨ ᠥᠩᠭᠡ ᠪᠡᠷ ᠠᠰᠠᠳᠠᠭ᠃ ᠡᠳᠡᠭᠡᠷ ᠥᠩᠭᠡ ᠨᠢ ᠪᠦᠭᠦᠳᠡ ᠥᠪᠡᠷ ᠥᠪᠡᠷ ᠦ᠋ᠨ ᠭᠡᠰᠡᠨ ᠡᠭᠦᠷᠭᠡ ᠲᠡᠢ᠃
ᠭᠡᠷᠡᠯ ᠦ᠋ᠨ ᠳᠣᠬᠢᠶ᠎ᠠ
ᠵᠠᠮ ᠤ᠋ᠨ ᠲᠡᠮᠳᠡᠭ ᠲᠡᠮᠳᠡᠭᠯᠡᠭᠡ
ᠡᠨᠡ ᠪᠣᠯ ᠵᠠᠮ ᠤ᠋ᠨ ᠲᠡᠮᠳᠡᠭ ᠶᠦᠮ᠃ ᠡᠳᠡᠭᠡᠷ ᠲᠡᠮᠳᠡᠭ ᠦ᠋ᠳ ᠨᠢ ᠵᠠᠮ ᠤ᠋ᠨ ᠬᠥᠳᠡᠯᠭᠡᠭᠡᠨ ᠢ᠋ ᠵᠣᠬᠢᠶᠠᠨ ᠪᠠᠢᠭᠤᠯᠬᠤ ᠳ᠋ᠤ᠌ ᠲᠤᠰᠠᠯᠠᠨ᠎ᠠ᠃
ᠬᠥᠮᠦᠨ ᠪᠠ ᠲᠸᠭᠨᠢᠭ ᠬᠡᠷᠡᠭᠰᠡᠯ ᠢ᠋ ᠠᠯᠢᠪᠠ ᠡᠷᠡᠰᠳᠡᠯ ᠡᠴᠡ ᠰᠡᠷᠭᠡᠢᠯᠡᠨ ᠵᠣᠬᠢᠴᠠᠭᠤᠯᠤᠭᠴᠢ ᠨᠢ ᠵᠠᠮ ᠤ᠋ᠨ ᠴᠠᠭᠳᠠᠭ᠎ᠠ ᠶᠤᠮ ᠰᠢᠦ ᠬᠡᠦᠬᠡᠳ ᠦ᠋ᠳ ᠠ᠋
ᠵᠠᠮ ᠤ᠋ᠨ ᠴᠠᠭᠳᠠᠭ᠎ᠠ
ᠭᠡᠷᠡᠯ ᠦ᠋ᠨ ᠳᠣᠬᠢᠶ᠎ᠠ ᠭᠡᠬᠦ ᠳᠠᠭᠤᠤ ᠶ᠋ᠢ ᠰᠣᠨᠣᠰᠤᠭᠠᠷᠠᠢ ᠬᠡᠦᠬᠡᠳ ᠦ᠋ᠳ ᠠ᠋
ᠭᠡᠷᠡᠯ ᠦ᠋ᠨ ᠳᠣᠬᠢᠶ᠎ᠠ
ᠤᠯᠠᠭᠠᠨ ᠭᠡᠷᠡᠯ ᠠᠰᠠᠯᠠ᠂ᠠᠰᠠᠯᠠ
ᠤᠷᠲᠤ ᠠ᠋ᠴᠠ ᠮᠠᠰᠢᠨ ᠢᠷᠡᠵᠡᠢ᠂ ᠢᠷᠡᠵᠡᠢ
ᠨᠠᠢᠵᠠ ᠨᠤᠭᠤᠳ ᠠ᠋᠂ ᠨᠠᠢᠵᠠ ᠨᠤᠭᠤᠳ ᠠ᠋
ᠤᠯᠠᠭᠠᠨ ᠭᠡᠷᠡᠯ ᠠᠶᠤᠯ ᠲᠠᠢ ᠰᠢᠦ!
ᠰᠢᠷ᠎ᠠ ᠭᠡᠷᠡᠯ ᠠᠰᠠᠯᠠ᠂ ᠠᠰᠠᠯᠠ
ᠰᠠᠭᠠᠷᠠᠭᠤᠯᠵᠤ ᠬᠤᠷᠳᠤ ᠪᠠᠨ ᠬᠠᠰᠤᠯ᠎ᠠ᠂ᠬᠠᠰᠤᠯ᠎ᠠ
ᠪᠠᠭᠠᠴᠤᠳ ᠠ᠋᠂ ᠪᠠᠭᠠᠴᠤᠳ ᠠ᠋
ᠨᠣᠭᠣᠭᠠᠨ ᠭᠡᠷᠡᠯ ᠢ᠋ᠶ᠋ᠡᠨ ᠬᠦᠯᠢᠶᠡᠭᠡᠷᠡᠢ!
ᠨᠣᠭᠣᠭᠠᠨ ᠭᠡᠷᠡᠯ ᠠᠰᠠᠯᠠ᠂ᠠᠰᠠᠯᠠ
ᠴᠠᠭᠠᠨ ᠭᠠᠷᠴᠠ ᠪᠠᠷ ᠭᠠᠷᠤᠯ᠎ᠠ᠂ᠭᠠᠷᠤᠯ᠎ᠠ
ᠬᠡᠦᠬᠡᠳ ᠦ᠋ᠳ ᠠ᠋᠂ ᠬᠡᠦᠬᠡᠳ ᠦ᠋ᠳ ᠠ᠋
ᠨᠣᠭᠣᠭᠠᠨ ᠭᠡᠷᠡᠯ ᠠᠶᠤᠯ ᠦᠭᠡᠢ ᠰᠢᠦ
ᠳᠠᠭᠤᠨ ᠤ᠋ ᠦᠭᠡ ᠶ᠋ᠢ ᠳᠠᠭᠠᠭᠠᠳ ᠬᠡᠯᠡᠭᠡᠷᠡᠢ ᠬᠡᠦᠬᠡᠳ ᠦ᠋ᠳ ᠠ᠋
ᠭᠡᠷᠡᠯ ᠦ᠋ᠨ ᠳᠣᠬᠢᠶ᠎ᠠ
ᠤᠯᠠᠭᠠᠨ ᠭᠡᠷᠡᠯ ᠠᠰᠠᠯᠠ᠂ᠠᠰᠠᠯᠠ
ᠤᠷᠲᠤ ᠠ᠋ᠴᠠ ᠮᠠᠰᠢᠨ ᠢᠷᠡᠯ᠎ᠡ᠂ᠢᠷᠡᠯ᠎ᠡ
ᠨᠠᠢᠵᠠ ᠨᠤᠭᠤᠳ ᠠ᠋᠂ ᠨᠠᠢᠵᠠ ᠨᠤᠭᠤᠳ ᠠ᠋
ᠤᠯᠠᠭᠠᠨ ᠭᠡᠷᠡᠯ ᠠᠶᠤᠯᠲᠠᠢ ᠰᠢᠦ!
ᠰᠢᠷ᠎ᠠ ᠭᠡᠷᠡᠯ ᠠᠰᠠᠯᠠ᠂ ᠠᠰᠠᠯᠠ
ᠰᠠᠭᠠᠷᠠᠭᠤᠯᠵᠤ ᠬᠤᠷᠳᠤ ᠪᠠᠨ ᠬᠠᠰᠤᠯ᠎ᠠ᠂ᠬᠠᠰᠤᠯ᠎ᠠ
ᠪᠠᠭᠠᠴᠤᠳ ᠠ᠋᠂ ᠪᠠᠭᠠᠴᠤᠳ ᠠ᠋
ᠨᠣᠭᠣᠭᠠᠨ ᠭᠡᠷᠡᠯ ᠢ᠋ᠶ᠋ᠡᠨ ᠬᠦᠯᠢᠶᠡᠭᠡᠷᠡᠢ!
ᠨᠣᠭᠣᠭᠠᠨ ᠭᠡᠷᠡᠯ ᠠᠰᠠᠯᠠ᠂ᠠᠰᠠᠯᠠ
ᠴᠠᠭᠠᠨ ᠭᠠᠷᠴᠠ ᠪᠠᠷ ᠭᠠᠷᠤᠯ᠎ᠠ᠂ᠭᠠᠷᠤᠯ᠎ᠠ
ᠬᠡᠦᠬᠡᠳ ᠦ᠋ᠳ ᠠ᠋᠂ ᠬᠡᠦᠬᠡᠳ ᠦ᠋ᠳ ᠠ᠋
ᠨᠣᠭᠣᠭᠠᠨ ᠭᠡᠷᠡᠯ ᠠᠶᠤᠯ ᠦᠭᠡᠢ ᠰᠢᠦ
ᠵᠠᠪᠠᠯ ᠬᠡᠪᠰᠢᠭᠦᠯᠬᠦ ᠳᠦᠷᠢᠮ
ᠵᠠᠮ ᠬᠥᠨᠳᠡᠯᠡᠨ ᠭᠠᠷᠬᠤ ᠳ᠋ᠤ᠌ ᠪᠠᠨ ᠵᠠᠪᠠᠯ ᠬᠡᠪᠰᠢᠭᠦᠯᠬᠦ ᠳᠦᠷᠢᠮ
ᠡᠬᠢᠯᠡᠭᠡᠳ ᠵᠠᠮ ᠢ᠋ᠶ᠋ᠠᠷ ᠬᠥᠨᠳᠡᠯᠡᠨ ᠭᠠᠷᠬᠤ ᠳ᠋ᠤ᠌ ᠪᠠᠨ ᠠᠶᠤᠯ ᠦᠭᠡᠢ ᠭᠠᠵᠠᠷ ᠢ᠋ᠶ᠋ᠠᠨ ᠣᠯᠵᠤ ᠵᠣᠭᠰᠣᠨ᠎ᠠ᠂ ᠵᠠᠮ ᠬᠥᠨᠳᠡᠯᠡᠨ ᠭᠠᠷᠬᠤ ᠳ᠋ᠤ᠌ ᠪᠠᠨ ᠵᠠᠮ ᠤ᠋ᠨ ᠬᠣᠶᠠᠷ ᠲᠠᠯ᠎ᠠ ᠤᠷᠤᠭᠤ ᠰᠠᠢᠨ ᠬᠠᠷ᠎ᠠ᠃ ᠮᠠᠰᠢᠨ ᠤ᠋ ᠴᠢᠮᠡᠭᠡ ᠶ᠋ᠢ ᠰᠠᠢᠨ ᠰᠣᠨᠣᠰᠴᠤ ᠬᠥᠳᠡᠯᠭᠡᠭᠡᠨ ᠵᠣᠭᠰᠣᠭᠰᠠᠨ ᠦᠶ᠎ᠡ ᠳ᠋ᠦ᠍ ᠪᠠᠷᠠᠭᠤᠨ ᠭᠠᠷ ᠢ᠋ᠶ᠋ᠠᠨ ᠳᠡᠭᠡᠭᠰᠢ ᠡᠷᠭᠦᠨ ᠵᠠᠮ ᠬᠥᠨᠳᠡᠯᠡᠨ ᠭᠠᠷᠴᠤ ᠬᠡᠪᠰᠢᠵᠡᠭᠡᠶᠡ
ᠲᠡᠭᠡᠭᠡᠪᠦᠷᠢ ᠶ᠋ᠢᠨ ᠬᠡᠷᠡᠭᠰᠡᠯ ᠦ᠋ᠨ ᠳᠣᠲᠣᠷ᠎ᠠ ᠵᠣᠷᠴᠢᠬᠤ ᠳ᠋ᠤ᠌ ᠪᠠᠨ ᠴᠤ᠌ ᠪᠢᠳᠡ ᠠᠶᠤᠯᠭᠦᠢ ᠪᠠᠢᠳᠠᠯ ᠢ᠋ ᠬᠠᠩᠭᠠᠬᠤ ᠡᠭᠦᠷᠭᠡ ᠲᠡᠢ᠃
ᠥᠪᠡᠷ ᠢ᠋ ᠪᠡᠨ ᠰᠣᠷᠢᠭᠠᠷᠠᠢ ᠬᠡᠦᠬᠡᠳ ᠠ᠋
ᠳᠣᠣᠷᠠᠬᠢ ᠵᠢᠷᠤᠭ ᠢ ᠠᠵᠢᠭᠯᠠᠨ ᠢᠯᠭᠠᠭ᠎ᠠ ᠶ᠋ᠢ ᠣᠯᠤᠭᠠᠷᠠᠢ
ᠵᠥᠪ ᠦᠢᠯᠡᠳᠦᠯ ᠪᠦᠬᠦᠢ ᠵᠢᠷᠤᠭ ᠢ᠋ ᠰᠣᠩᠭᠣᠭᠠᠷᠠᠢ
ᠵᠢᠷᠤᠭ ᠢ᠋ ᠠᠵᠢᠭᠯᠠᠨ ᠵᠥᠪ ᠬᠣᠯᠪᠣᠭᠠᠷᠠᠢ
ᠰᠠᠢᠨ ᠪᠠᠢᠨ᠎ᠠ ᠴᠢ ᠪᠦᠭᠦᠳᠡ ᠶ᠋ᠢ ᠨᠢ ᠣᠯᠵᠤ ᠴᠢᠳᠠᠯ᠎ᠠ
ᠵᠠᠮ ᠤ᠋ᠨ ᠲᠡᠮᠳᠡᠭ
ᠵᠠᠮ ᠤ᠋ᠨ ᠲᠡᠮᠳᠡᠭ ᠦ᠋ᠳ ᠢ᠋ ᠠᠵᠢᠭᠯᠠᠨ ᠶᠠᠮᠠᠷ ᠡᠭᠦᠷᠭᠡ ᠲᠡᠢ ᠪᠣᠯᠬᠤ ᠶ᠋ᠢ ᠳᠠᠭᠠᠭᠠᠷᠠᠢ
ᠲᠡᠢᠮᠦ ᠠ᠋᠂ ᠶᠠᠪᠠᠭᠠᠨ ᠭᠠᠷᠴᠠ
ᠵᠥᠪ ᠪᠠᠢᠨ᠎ᠠ᠂ ᠶᠠᠪᠠᠭᠠᠨ ᠬᠥᠮᠦᠨ ᠦ᠌ ᠵᠠᠮ
ᠶᠠᠭ ᠵᠥᠪ᠂ ᠳᠤᠭᠤᠢ ᠶ᠋ᠢᠨ ᠵᠠᠮ
ᠲᠡᠢᠮᠦ ᠠ᠋᠂ ᠠᠦ᠋ᠲ᠋ᠣᠪᠦ᠋ᠰ ᠦ᠋ᠨ ᠪᠠᠭᠤᠳᠠᠯ
ᠳᠣᠣᠭᠤᠷ ᠪᠣᠯᠤᠨ ᠳᠡᠭᠡᠭᠦᠷ ᠭᠠᠷᠤᠨ᠎ᠠ
ᠵᠢᠷᠤᠭ ᠢ᠋ ᠠᠵᠢᠭᠯᠠᠭᠠᠷᠠᠢ
ᠶᠠᠪᠠᠭᠠᠨ ᠬᠥᠮᠦᠨ ᠦ᠌ ᠭᠠᠷᠴᠠ ᠶ᠋ᠢ ᠣᠯᠤᠭᠠᠷᠠᠢ
ᠤᠯᠠᠭᠠᠨ ᠭᠡᠷᠡᠯ ᠠᠰᠠᠯᠠ ᠶᠠᠪᠠᠭᠠᠨ ᠵᠣᠷᠴᠢᠭᠴᠢ ᠶᠠᠭᠠᠬᠢᠬᠤ ᠪᠣᠢ?
ᠲᠡᠢᠮᠦ ᠠ᠋᠂ ᠤᠯᠠᠭᠠᠨ ᠭᠡᠷᠡᠯ ᠠᠶᠤᠯᠲᠠᠢ ᠰᠢᠦ!
ᠬᠥᠮᠦᠰ ᠵᠠᠮ ᠬᠥᠨᠳᠡᠯᠡᠨ ᠭᠠᠷᠴᠤ ᠪᠠᠢᠨ᠎ᠠ᠂ ᠶᠠᠮᠠᠷ ᠭᠡᠷᠡᠯ ᠠᠰᠠᠵᠤ ᠪᠠᠢᠭ᠎ᠠ ᠪᠣᠢ?
ᠲᠡᠢᠮᠦ ᠠ᠋᠂ ᠨᠣᠭᠣᠭᠠᠨ ᠭᠡᠷᠡᠯ ᠠᠶᠤᠯ ᠦᠭᠡᠢ ᠰᠢᠦ
ᠰᠠᠢᠨ ᠪᠠᠢᠨ᠎ᠠ!
ᠡᠴᠦᠰ ᠲᠦ᠍ ᠨᠢ ᠴᠢ ᠪᠦᠭᠦᠳᠡ ᠶ᠋ᠢ ᠨᠢ ᠴᠢᠳᠠᠯ᠎ᠠ
ᠳᠣᠣᠷᠠᠬᠢ ᠢᠩᠲ᠋ᠸᠷᠡᠲ᠋ᠢᠪ ᠢ᠋ ᠳᠠᠷᠤᠭᠠᠳ ᠪᠠᠲᠤᠳᠬᠠᠬᠤ ᠲᠣᠭᠯᠠᠭᠠᠮ ᠤ᠋ᠳ ᠢ᠋ ᠲᠣᠭᠯᠠᠭᠠᠷᠠᠢ
ᠡᠵᠢ ᠶ᠋ᠢᠨ ᠬᠢᠭᠰᠡᠨ ᠴᠠᠢ ᠪᠠᠨ ᠤᠤᠭᠤᠵᠠᠭ᠎ᠠ
ᠪᠠᠶᠠᠷᠲᠠᠢ!
ᠦᠰᠦᠭ ᠠᠮᠢᠯᠠᠭᠤᠯᠤᠨ ᠬᠠᠲᠠᠭᠰᠠᠨ ᠨᠢ᠄ ᠪᠦᠷᠢᠨᠴᠡᠴᠡᠭ
ᠬᠢᠨᠠᠭᠴᠢ:ᠢᠷᠡᠭᠡᠳᠦᠢ᠂ ᠮᠥᠴᠢᠷ᠂ ᠾᠦᠩ ᠸᠧᠢ
