ᠪᠢ ᠶᠠᠭᠤ ᠪᠣᠯᠬᠤ ᠪᠤᠢ - ᠠᠷᠲᠠᠢ Би юу болох вэ - Артай ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠶᠠᠭᠤ ᠪᠣᠯᠬᠤ ᠪᠤᠢ - ᠠᠷᠲᠠᠢ Би юу болох вэ - Артай

ᠪᠢ ᠶᠠᠭᠤ ᠪᠣᠯᠬᠤ ᠪᠤᠢ - ᠠᠷᠲᠠᠢ Би юу болох вэ - Артай

2023-06-24

245

ᠪᠢ ᠶᠠᠭᠤ ᠪᠣᠯᠬᠤ ᠪᠣᠢ ?


     ᠨᠠᠮᠠᠶ᠋ᠢ ᠶᠠᠭᠤ ᠪᠠᠨ ᠴᠤ᠌ ᠪᠣᠯᠭᠠᠵᠤ ᠵᠠᠷᠤᠬᠤ ᠡᠷᠬᠡ ᠲᠡᠢ ᠡᠬᠡ ᠣᠷᠣᠨ ᠮᠢᠨᠢ! 
     ᠪᠢ ᠶᠠᠭᠤ ᠪᠣᠯᠬᠤ ᠪᠣᠢ ? 
     ᠦᠷ  ᠢ᠋ᠶ᠋ᠡᠷ ᠥᠷᠭᠡᠨ ᠵᠡᠭᠡᠯᠢ ᠶ᠋ᠢ ᠴᠡᠪᠡᠷᠯᠡᠭᠴᠢᠳ ᠱᠦᠭᠦᠷᠳᠡᠵᠦ ᠪᠠᠢᠨ᠎ᠠ ᠃ 
     ᠪᠢ ᠲᠡᠷᠡ ᠱᠦᠭᠦᠷ ᠦ᠋ᠨ ᠬᠢᠨᠢ ᠬᠤᠯᠤᠰᠤᠨ ᠨᠠᠮᠠᠭ᠎ᠠ ᠪᠣᠯᠬᠤ  ‍ᠦᠦ ? ᠡᠬᠡ ᠣᠷᠣᠨ ᠮᠢᠨᠢ ! 
     ᠦᠳᠡᠰᠢ ᠴᠡᠴᠡᠷᠯᠢᠭ ᠡᠴᠡ ᠠᠵᠢᠯᠴᠢᠳ ᠬᠡᠦᠬᠡᠳ ᠢ᠋ᠶ᠋ᠡᠨ ᠲᠣᠰᠴᠠᠭᠠᠵᠤ  ᠪᠠᠢᠨ᠎ᠠ ᠃ 
     ᠪᠢ ᠲᠡᠷᠡ ᠳᠤᠭᠤᠢ ᠲᠡᠷᠭᠡᠨ ᠦ᠌ ᠬᠢᠨᠢ ᠬᠡᠦᠬᠡᠳ ᠢ᠋ᠶ᠋ᠡᠨ ᠰᠠᠭᠤᠯᠭᠠᠳᠠᠭ  ᠵᠢᠵᠢᠭᠬᠡᠨ ᠰᠠᠭᠤᠳᠠᠯ ᠤ᠋ᠨ ᠬᠢᠨᠢ ᠵᠢᠨᠲᠡ ᠨᠢ ᠪᠣᠯᠬᠤ ‍ᠤᠤ ? ᠡᠬᠡ ᠣᠷᠣᠨ ᠮᠢᠨᠢ !  

     ᠨᠠᠮᠠᠶ᠋ᠢ ᠶᠠᠭᠤ  ᠪᠠᠨ ᠴᠤ᠌ ᠪᠣᠯᠭᠠᠵᠤ ᠬᠤᠪᠢᠯᠭᠠᠬᠤ ᠰᠢᠳᠢ ᠲᠡᠢ ᠡᠬᠡ ᠣᠷᠣᠨ ᠮᠢᠨᠢ ! 
     ᠪᠢ ᠶᠠᠭᠤ ᠪᠣᠯᠬᠤ ᠪᠣᠢ ? 
     ᠡᠨᠡ ᠵᠠᠯᠠᠭᠤ ᠰᠤᠳᠤᠯᠤᠭᠴᠢ ᠥᠭᠦᠯᠡᠯ  ᠢ᠋ᠶ᠋ᠡᠨ ᠪᠢᠴᠢᠭᠡᠳ ᠲᠤᠩ ᠶᠠᠳᠠᠷᠠᠵᠠᠢ ᠃ 
     ᠣᠳᠣ ᠥᠷᠯᠥᠭᠡᠨ ᠦ᠌ ᠲᠠᠪᠤᠨ ᠴᠠᠭ ᠬᠠᠭᠠᠰ ᠪᠣᠯᠵᠤ  ᠪᠠᠢᠨ᠎ᠠ ᠃ ᠣᠯᠠᠨ ᠡᠷᠳᠡᠮᠲᠡᠨ ᠦ᠌ ᠬᠤᠷᠠᠯ ᠳᠣᠯᠣᠭᠠᠨ ᠴᠠᠭ ᠲᠤ᠌ ᠡᠬᠢᠯᠡᠬᠦ ᠪᠡᠷ  ᠪᠠᠢᠨ᠎ᠠ᠃ 
     ᠪᠢ ᠲᠡᠭᠦᠨ  ᠢ᠋ ᠳᠠᠭᠤᠳᠠᠨ ᠰᠡᠷᠢᠭᠡᠬᠦ ᠰᠡᠷᠢᠭᠦᠯᠭᠡᠲᠦ ᠴᠠᠭ ᠤ᠋ᠨ ᠬᠢᠨᠢ ᠬᠣᠩᠬᠣ ᠨᠢ ᠪᠣᠯᠬᠤ ‍ᠤᠤ ? ᠡᠬᠡ ᠣᠷᠣᠨ ᠮᠢᠨᠢ ! 
     ᠰᠢᠭᠤᠷᠭ᠎ᠠ ᠠᠶᠠᠳᠠᠯ᠎ᠠ ᠃ ᠰᠦᠷᠦᠭ ᠲᠣᠭᠲᠠᠯ᠎ᠠ ᠃ ᠬᠦᠢᠲᠡᠨ ᠬᠠᠷᠢᠨ ᠤᠯᠠᠮ ᠳᠣᠭᠰᠢᠷᠠᠯ᠎ᠠ ᠂ ᠬᠥᠳᠥᠰᠥᠨ ᠳᠡᠪᠡᠯ ᠦ᠋ᠨ ᠰᠤᠭᠤ ᠪᠠᠷ ᠬᠠᠤᠭᠢᠯ᠎ᠠ ᠃ 
     ᠪᠢ ᠲᠡᠷᠡ ᠬᠥᠳᠡᠭᠡ ᠶ᠋ᠢᠨ ᠡᠪᠦᠭᠡᠨ ᠬᠣᠨᠢᠴᠢᠨ ᠤ᠋ ᠬᠠᠭᠵᠠᠷᠬᠠᠢ ᠰᠤᠭᠤᠨ ᠳᠡᠭᠡᠷ᠎ᠡ ᠲᠠᠯᠪᠢᠬᠤ ᠨᠥᠬᠥᠭᠡᠰᠦ ᠨᠢ ᠪᠣᠯᠬᠤ ‍ᠤᠤ ? ᠡᠬᠡ ᠣᠷᠣᠨ ᠮᠢᠨᠢ !  
     ᠨᠠᠮᠠᠶ᠋ᠢ ᠶᠠᠭᠤ ᠴᠤ᠌᠂ ᠪᠣᠯᠵᠤ ᠴᠢᠳᠠᠬᠤ ᠪᠠᠷ ᠲᠦᠷᠦᠭᠦᠯᠡᠭᠰᠡᠨ ᠡᠬᠡ ᠣᠷᠣᠨ ᠮᠢᠨᠢ ! 
     ᠪᠢ ᠶᠠᠭᠤ ᠪᠣᠯᠬᠤ ᠪᠣᠢ? 
     ᠪᠢ ᠡᠨᠡ ᠬᠤᠵᠢᠷ ᠲᠠᠢ ᠴᠠᠢᠳᠠᠮ ᠳ᠋ᠤ᠌ ᠳᠠᠷᠠᠰᠤ ᠪᠣᠯᠴᠤ ᠤᠷᠭᠤᠶ᠎ᠠ ᠃ 
     ᠪᠢ ᠡᠨᠡ ᠬᠤᠭᠤᠷᠬᠠᠢ ᠮᠣᠳᠣᠨ ᠤ᠋ ᠮᠥᠴᠢᠷ ᠲᠦ᠍ ᠪᠣᠭᠣᠯᠲᠠ ᠪᠣᠯᠵᠤ ᠣᠷᠢᠶᠠᠶ᠎ᠠ ᠃ 
     ᠳᠠᠬᠢᠭᠠᠳ ᠪᠢ ᠴᠢᠨᠦᠬᠢ ᠪᠡᠨ  ᠪᠢᠴᠢᠭ ᠦ᠋ᠨ ᠵᠢᠶᠠᠼᠠᠨ  ᠤ᠋ ᠴᠢᠨᠢ ᠲᠠᠯᠪᠢᠭᠤᠷ ᠪᠣᠯᠤᠶ᠎ᠠ ᠃ 
     ᠲᠠᠩᠳᠠ ᠬᠠᠷᠢᠯᠴᠠᠳᠠᠭ ᠳ᠋ᠢᠶᠠᠩᠬᠤᠸᠠ ᠨᠣᠮᠧᠷ ᠦ᠋ᠨ ᠴᠢᠨᠢ ᠨᠢᠭᠡ ᠲᠣᠭ᠎ᠠ ᠪᠣᠯᠤᠶ᠎ᠠ ᠃ ᠡᠬᠡ ᠣᠷᠣᠨ ᠮᠢᠨᠢ!
     ᠪᠢ ᠶᠠᠭᠤ ᠪᠣᠯᠬᠤ ᠪᠣᠢ ? 
     ᠵᠠᠯᠢᠷᠬᠠᠭ ᠮᠠᠷᠰᠠᠭᠠᠨᠠᠯ ᠂ ᠪᠤᠵᠠᠷ ᠰᠦᠨᠡᠰᠦ ᠶ᠋ᠢ ᠴᠣᠭᠣ ᠴᠢᠴᠢᠭᠰᠡᠨ ᠬᠠᠷᠠᠴᠠ ᠪᠣᠯᠬᠤ ‍ᠤᠤ ? ᠪᠢ ᠃
     ᠵᠢᠷᠭᠠᠯ ᠢ᠋ᠶ᠋ᠠᠨ ᠬᠦᠯᠢᠶᠡᠭᠰᠡᠨ ᠂ ᠬᠤᠷᠳᠤᠨ ᠢᠷᠡᠬᠦ  ᠳ᠋ᠦ᠍ᠨᠢ ᠴᠣᠴᠢᠭᠰᠠᠨ ᠬᠡᠦᠬᠡᠨ ᠦ᠌ ᠤᠯᠠᠭᠠᠨ ᠬᠠᠴᠠᠷ ᠪᠣᠯᠬᠤ ‍ᠤᠤ ? ᠪᠢ ᠃ 
     ᠰᠢᠨ᠎ᠡ ᠲᠣᠮᠢᠯᠠᠭᠳᠠᠭᠰᠠᠨ ᠵᠠᠯᠠᠭᠤ ᠲᠢᠩᠬᠢᠮ ᠦ᠋ᠨ ᠳᠠᠷᠤᠭ᠎ᠠ ᠶ᠋ᠢᠨ ᠭᠦᠨ ᠪᠣᠳᠣᠯ ᠪᠣᠯᠤᠶ᠎ᠠ ᠪᠢ ᠃ 
     ᠰᠢᠯᠦᠨ ᠪᠣᠯᠣᠷ  ᠪᠥᠮᠪᠥᠯᠵᠡᠭᠰᠡᠨ ᠰᠠᠷᠠᠭᠤᠯ ᠨᠤᠲᠤᠭ ᠤ᠋ᠨ ᠮᠣᠩᠭᠣᠯ ᠬᠥᠮᠦᠨ ᠦ᠌ ᠭᠦᠨᠵᠡᠭᠡᠢ ᠠᠮᠢᠰᠬᠤᠭ᠎ᠠ ᠪᠣᠯᠤᠶ᠎ᠠ ᠪᠢ᠃ 
     ᠡᠬᠡ ᠣᠷᠣᠨ ᠮᠢᠨᠢ ! 
     ᠪᠢ ᠲᠠᠩᠳᠠ ᠳᠠᠭᠤ ᠪᠣᠯᠵᠤ ᠴᠢᠨᠦ ᠳᠡᠭᠡᠭᠦᠷ ᠬᠦᠪᠦᠶ᠎ᠡ! 
     ᠪᠢ ᠲᠡᠨᠳᠡ ᠳᠤᠷᠠᠯᠠᠯ ᠪᠣᠯ ᠴᠢᠨᠦ ᠵᠠᠯᠠᠭᠤ ᠨᠠᠰᠤᠨ ᠳ᠋ᠤ᠌ ᠵᠢᠷᠭᠠᠶ᠎ᠠ! 
     ᠲᠡᠭᠡᠪᠡᠴᠦ ᠡᠬᠡ ᠣᠷᠣᠨ ᠮᠢᠨᠢ ᠂ ᠴᠢᠬᠤᠯᠠ ᠲᠠᠢ ᠪᠣᠯ ᠲᠠ ᠬᠡᠯᠡ ᠂ ᠬᠠᠮᠢᠶ᠎ᠠ ᠦᠭᠡᠢ 
     ᠪᠢ ᠭᠠᠪᠠ ᠪᠣᠯᠤᠶ᠎ᠠ ! 
     ᠲᠡᠳᠡᠭᠡᠷ ᠮᠤᠤᠰᠠᠢᠨ ᠬᠣᠣᠷᠠᠳᠠᠨ ᠤ᠋ ᠴᠢᠰᠤᠲᠤ ᠰᠠᠪᠠᠷ ᠢ᠋ ᠲᠠᠰᠤᠳᠠᠶ᠎ᠠ ! 
     ᠪᠢ ᠶᠠᠭᠤ ᠪᠣᠯᠬᠤ ᠪᠣᠢ ? 
     ᠶᠠᠭᠤ ᠪᠣᠯᠤᠭᠰᠠᠨ ᠴᠤ᠌ ᠪᠢ ᠳᠤᠷᠠᠲᠠᠢ ᠂ ᠡᠬᠡ ᠣᠷᠣᠨ ᠮᠢᠨᠢ ! 
     ᠶᠠᠭᠤ ᠪᠣᠯᠭᠠᠭᠰᠠᠨ ᠴᠤ᠌ ᠴᠢᠨᠦ ᠳᠤᠷ᠎ᠠ ᠂ ᠡᠬᠡ ᠣᠷᠣᠨ ᠮᠢᠨᠢ ! 
    
     ᠪᠢ ᠬᠥᠮᠦᠨ ᠃ 
     ᠪᠢ ᠲᠦᠮᠡᠨ ᠪᠣᠳᠠᠰ ᠤ᠋ᠨ ᠬᠠᠮᠤᠭ ᠤ᠋ᠨ ᠡᠷᠬᠢᠮ ᠳᠡᠭᠡᠳᠦ ᠬᠥᠮᠦᠨ ᠃ 
     ᠪᠢ  ᠬᠥᠮᠦᠨ ᠦᠦ ?
     ᠪᠢ ᠬᠥᠮᠦᠨ ᠪᠣᠯᠵᠤ ᠴᠢᠳᠠᠵᠤ ᠪᠠᠢᠨ᠎ᠠ ᠤᠤ ? ᠡᠬᠡ ᠣᠷᠣᠨ ᠮᠢᠨᠢ !
     ᠰᠤᠭᠤᠨ ᠤ᠋ ᠨᠥᠬᠥᠭᠡᠰᠦ ᠂ ᠱᠦᠭᠦᠷ    ᠦ᠋ᠨ ᠨᠠᠮᠠᠭ᠎ᠠ ᠂ ᠲᠠᠯᠪᠢᠭᠤᠷ ᠂ ᠳᠠᠷᠠᠰᠤ ᠂ ᠳ᠋ᠢᠶᠠᠩᠬᠤᠸᠠ ᠨᠣᠮᠧᠷ ᠴᠢᠮᠠᠲᠤ ᠥᠷᠢ ᠦᠭᠡᠢ ᠂ ᠡᠬᠡ ᠣᠷᠣᠨ ᠮᠢᠨᠢ !
     ᠪᠢ ᠴᠢᠮ᠎ᠠ ᠳ᠋ᠤ᠌ ᠥᠷᠢ  ᠲᠡᠢ ᠃ 
     ᠬᠥᠮᠦᠨ ᠴᠢᠮᠠᠲᠤ ᠥᠷᠢ ᠲᠡᠢ ᠃ 
     ᠬᠥᠮᠦᠨ ᠪᠣᠯᠬᠤ ᠠᠮᠠᠷ ᠦᠭᠡᠢ ᠠ᠋ ᠂ ᠡᠬᠡ ᠣᠷᠣᠨ ᠮᠢᠨᠢ !