ᠨᠥᠬᠦᠳ ᠦᠨ ᠬᠠᠢᠷ᠎ᠠ - ᠠᠷᠲᠠᠢ Нөхдийн хайр - Артай
ᠨᠥᠬᠦᠳ ᠦᠨ ᠬᠠᠢᠷ᠎ᠠ
ᠨᠥᠬᠥᠳ ᠦ᠋ᠨ ᠬᠠᠢᠷ᠎ᠠ ᠨᠥᠬᠥᠳ ᠦ᠋ᠨ ᠬᠠᠢᠷ᠎ᠠ — ᠬᠢᠵᠠᠭᠠᠷ ᠦᠭᠡᠢ ᠭᠦᠨ ᠴᠡᠩᠬᠡᠷ ᠣᠭᠲᠠᠷᠭᠤᠢ ᠃ ᠭᠡᠷᠡᠯ ᠲᠣᠨᠣᠭᠰᠠᠨ ᠡᠷᠡᠭᠦᠯ ᠠᠭᠠᠷ ᠃
ᠪᠢ ᠳᠠᠯᠠᠪᠴᠢ ᠪᠠᠨ ᠳᠡᠪᠢᠵᠦ ᠂ ᠲᠡᠭᠦᠨ ᠦ᠌ ᠳᠤᠮᠳᠠᠭᠤᠷ ᠵᠢᠷᠭᠢᠵᠦ ᠶᠠᠪᠤᠯ᠎ᠠ ᠃
ᠨᠥᠬᠥᠳ ᠦ᠋ᠨ ᠬᠠᠢᠷ᠎ᠠ — ᠰᠡᠭᠦᠳᠡᠷ ᠬᠦᠷᠲᠡᠯ᠎ᠡ ᠬᠣᠷᠰᠢᠮᠠᠷ ᠤᠰᠤ ᠦᠭᠡᠢ ᠴᠦᠯ ᠦ᠋ᠨ ᠴᠠᠭᠠᠨ᠎ᠠ ᠮᠡᠯᠲᠡᠯᠵᠡᠬᠦ ᠷᠠᠰᠢᠶᠠᠨ ᠪᠣᠯᠣᠷ ᠨᠠᠭᠤᠷ ᠃
ᠪᠢ ᠲᠡᠭᠦᠨ ᠦ᠌ ᠲᠥᠯᠥᠭᠡ ᠠᠮᠢ ᠲᠠᠯᠪᠢᠨ ᠭᠦᠶᠦᠵᠦ ᠶᠠᠪᠤᠯ᠎ᠠ ᠃
ᠪᠢ ᠬᠥᠮᠦᠨ ᠪᠣᠯᠵᠤ ᠲᠥᠷᠥᠭᠡᠳ ᠂ ᠨᠥᠬᠥᠳ ᠦ᠋ᠨ ᠬᠠᠢᠷ᠎ᠠ ᠪᠠᠷ ᠪᠢ ᠬᠥᠮᠦᠨ ᠪᠣᠯᠵᠤ ᠶᠠᠪᠤᠯ᠎ᠠ ᠃
ᠮᠢᠨᠦ ᠨᠥᠬᠥᠳ ᠦ᠋ᠨ ᠬᠠᠢᠷ᠎ᠠ ᠂ ᠮᠢᠨᠦ ᠰᠡᠳᠬᠢᠯ ᠦ᠋ᠨ ᠲᠠᠶᠠᠭ᠂ ᠮᠢᠨᠦ ᠢᠷᠡᠭᠡᠳᠦᠢ ᠶ᠋ᠢᠨ ᠬᠠᠶᠢᠭ᠋ ᠪᠠᠢᠯ᠎ᠠ᠃
ᠰᠠᠢᠨ ᠨᠥᠬᠥᠳ ᠦ᠋ᠨ ᠬᠠᠢᠷ᠎ᠠ ᠪᠠᠢᠭᠰᠠᠨ ᠠ᠋ᠴᠠ
ᠰᠠᠢᠬᠠᠨ ᠪᠣᠯᠤᠭᠰᠠᠨ ᠳᠡᠯᠡᠬᠡᠢ ᠪᠠᠢᠵᠠᠢ ᠃
ᠰᠠᠢᠨ ᠨᠥᠬᠥᠳ ᠦ᠋ᠨ ᠨᠠᠢᠷ ᠪᠠᠢᠭᠰᠠᠨ ᠠ᠋ᠴᠠ
ᠰᠠᠢᠬᠠᠨ ᠳᠡᠯᠡᠬᠡᠢ ᠬᠠᠢᠷ᠎ᠠ ᠪᠣᠯᠵᠠᠢ ᠃
ᠦᠬᠦᠯ ᠠᠶᠤᠮᠠᠷ ᠪᠢᠰᠢ ᠂
ᠦᠨᠡᠭᠡᠨ ᠱᠤᠯᠤᠮ ᠠᠶᠤᠮᠠᠷ ᠪᠢᠰᠢ ᠂
ᠭᠠᠯ ᠢ᠋ᠶ᠋ᠠᠷ ᠰᠢᠷᠠᠬᠤ ᠴᠤ᠌ ᠠᠶᠤᠮᠠᠷ ᠪᠢᠰᠢ ᠠ᠋
ᠭᠠᠭᠴᠠᠭᠠᠷᠳᠠᠬᠤ ᠯᠠ ᠠᠶᠤᠮᠠᠷ ᠶᠤᠮ ᠰᠢᠦ!
ᠬᠥᠮᠦᠨ ᠦ᠌ ᠣᠷᠴᠢᠯᠠᠩ ᠳ᠋ᠤ᠌
ᠬᠥᠯ ᠲᠡᠢ ᠪᠠᠶ᠋ᠢᠭᠠᠳ ᠭᠢᠰᠬᠢᠬᠦ ᠭᠠᠵᠠᠷ ᠦᠭᠡᠢ ᠬᠥᠮᠦᠨ ᠪᠣᠯ
ᠨᠥᠬᠥᠷ ᠦᠭᠡᠢ ᠬᠥᠮᠦᠨ ᠂ ᠨᠥᠬᠥᠳ ᠦᠭᠡᠢ ᠬᠥᠮᠦᠨ ᠃
ᠨᠥᠬᠥᠬᠦ ᠶ᠋ᠢᠨ ᠠᠷᠭ᠎ᠠ ᠦᠭᠡᠢ ᠨᠣᠣᠷᠬᠠᠢ ᠰᠡᠳᠬᠢᠯ ᠲᠡᠢ ᠬᠥᠮᠦᠨ ᠃
ᠪᠢ ᠤᠬᠠᠭᠠᠨ ᠦᠭᠡᠢ ᠶᠠᠪᠤᠭᠰᠠᠨ ᠃
ᠪᠢ ᠨᠥᠬᠥᠳ ᠢ᠋ᠶ᠋ᠡᠨ ᠭᠣᠮᠣᠳᠠᠪᠠᠯ ᠭᠣᠮᠣᠳᠠᠭᠠᠮᠠᠷ ᠶᠠᠪᠤᠭᠰᠠᠨ ᠃
ᠲᠡᠭᠡᠬᠦ ᠳ᠋ᠦ᠍ ᠮᠢᠨᠦ ᠨᠥᠬᠥᠳ ᠭᠣᠮᠣᠳᠠᠭ᠎ᠠ ᠦᠭᠡᠢ ᠂
ᠲᠡᠨᠢᠭᠡᠷ ᠳᠠᠯᠠᠢ ᠳ᠋ᠤ᠌ ᠲᠡᠷᠡ ᠬᠡᠳᠦᠨ ᠳᠤᠰᠤᠯ ᠂ ᠶᠠᠭᠤᠮ᠎ᠠ ᠪᠣᠯᠤᠭ᠎ᠠ ᠦᠭᠡᠢ ᠃
ᠵᠢᠭᠠᠰᠤ ᠪᠠᠨ ᠡᠷᠭᠢ ᠳᠡᠭᠡᠷ᠎ᠡ ᠭᠠᠷᠭᠠᠵᠤ ᠰᠢᠳᠡᠭᠡ ᠦᠭᠡᠢ ᠃
ᠵᠢᠭᠠᠰᠤ ᠨᠢ ᠪᠢ ᠪᠠᠢᠭᠰᠠᠨ᠃
ᠪᠢᠳᠡ ᠨᠥᠬᠥᠳ ᠃
ᠪᠢᠳᠡ ᠨᠢᠭᠡ ᠨᠢᠭᠡ ᠪᠡᠨ ᠲᠦᠰᠢᠵᠦ ᠶᠠᠪᠤᠨ᠎ᠠ ᠃
ᠪᠢᠳᠡᠨ ᠦ᠌ ᠰᠡᠳᠬᠢᠯ ᠴᠦ᠍ ᠨᠢᠭᠡ ᠨᠢᠭᠡ ᠪᠡᠨ ᠲᠦᠰᠢᠵᠦ ᠶᠠᠪᠤᠨ᠎ᠠ ᠃
ᠪᠢᠳᠡᠨ ᠦ᠌ ᠵᠢᠷᠭᠠᠯ ᠴᠤ᠌ ᠨᠢᠭᠡ ᠨᠢᠭᠡ ᠪᠡᠨ ᠲᠦᠰᠢᠵᠦ ᠶᠠᠪᠤᠨ᠎ᠠ ᠃
ᠰᠡᠭᠡᠭᠡ ᠦᠭᠡᠢ ᠬᠡᠪᠲᠡᠬᠦ ᠳ᠋ᠡᠭᠡᠨ ᠶᠡᠭᠦᠯᠡᠭᠦᠯᠦᠭᠰᠡᠨ ᠳᠡᠭᠦᠵᠢᠯᠡᠭᠦᠷ ᠯᠣᠩᠬᠣ ᠲᠠᠢ ᠡᠮ ᠦ᠋ᠨ ᠳᠤᠰᠤᠯ — ᠮᠢᠨᠦ ᠨᠥᠬᠥᠳ ᠦ᠋ᠨ ᠬᠠᠢᠷ᠎ᠠ ᠃
ᠰᠡᠭᠡᠬᠡᠯᠵᠡᠵᠦ ᠭᠦᠶᠦᠬᠦ ᠳ᠋ᠡᠭᠡᠨ ᠰᠣᠨᠣᠰᠤᠭᠰᠠᠨ ᠂ ᠲᠡᠭᠡᠭᠡᠳ ᠡᠰᠡ ᠯᠡ ᠭᠡᠵᠦ ᠰᠡᠭᠦᠯ ᠳ᠋ᠦ᠍ᠨᠢ ᠪᠣᠳᠣᠭᠳᠠᠭᠤᠯᠤᠭᠰᠠᠨ ᠲᠡᠷᠡ ᠠᠯᠲᠠᠨ ᠲᠣᠣᠨᠢᠯ ᠲᠠᠢ ᠰᠡᠷᠡᠮᠵᠢ ᠶ᠋ᠢᠨ ᠬᠣᠩᠬᠣ — ᠮᠢᠨᠦ ᠨᠥᠬᠥᠳ ᠦ᠋ᠨ ᠬᠠᠢᠷ᠎ᠠ ᠃
ᠰᠡᠳᠬᠢᠯ ᠦ᠋ᠨ ᠭᠠᠩ ᠲᠠᠢᠯᠵᠤ ᠂ ᠬᠥᠮᠦᠨ ᠦ᠌ ᠵᠢᠷᠭᠠᠯ ᠤᠷᠭᠤᠭᠤᠯᠤᠭᠰᠠᠨ ᠡᠨᠡ ᠠᠶᠠᠷᠬᠠᠨ ᠰᠡᠩᠰᠡᠷᠡᠬᠦ ᠵᠥᠭᠡᠯᠡᠨ ᠪᠣᠷᠣᠭ᠎ᠠ — ᠮᠢᠨᠦ ᠨᠥᠬᠥᠳ ᠦ᠋ᠨ ᠬᠠᠢᠷ᠎ᠠ ᠃
ᠰᠡᠲᠦᠪ ᠦ᠋ᠨ ᠬᠠᠲᠠᠭᠤ ᠶ᠋ᠢ ᠲᠤᠯᠭᠠᠵᠤ ᠂ ᠮᠢᠨᠦ ᠳᠤᠮᠳᠠᠭᠤᠷ 《 ᠯᠣᠩᠬᠣ 》 ᠶ᠋ᠢ 《 ᠠᠯᠪᠠ》 ᠪᠠᠷ ᠳᠦᠭᠦᠷᠭᠡᠭᠰᠡᠨ ᠡᠨᠡ ᠠᠢᠬᠤᠪᠲᠤᠷ 《 ᠮᠠᠭᠤᠬᠠᠢ ᠰᠢᠯᠭᠠᠯᠲᠠ 》 — ᠮᠢᠨᠦ ᠨᠥᠬᠥᠳ ᠦ᠋ᠨ ᠬᠠᠢᠷ᠎ᠠ᠃
ᠪᠢ ᠶᠠᠭᠤᠨ ᠠ᠋ᠴᠠ ᠠᠶᠤᠬᠤᠪ ᠂
ᠪᠢ ᠨᠥᠬᠥᠳ ᠲᠡᠢ ᠬᠥᠮᠦᠨ !
