ᠲᠡᠦᠬᠡ ᠶ᠋ᠢᠨ ᠰᠢᠯᠦᠭ - ᠳ᠋᠊ ᠂ ᠨᠠᠴᠤᠭᠳᠣᠷᠵᠢ Түүхийн шүлэг - Д ᠂ Нацагдорж
ᠲᠡᠦᠬᠡ ᠶ᠋ᠢᠨ ᠰᠢᠯᠦᠭ
ᠳ· ᠨᠠᠴᠤᠭᠲᠣᠷᠵᠢ
ᠮᠠᠨ ᠪ ᠮᠣᠩᠭᠣᠯ᠂ ᠮᠠᠰᠢ ᠡᠷᠲᠡᠨ ᠪ ᠤᠯᠤᠰ
ᠮᠣᠩᠭᠣᠯ ᠦ᠋ᠨ ᠢᠷᠠᠭᠤ ᠲᠡᠦᠬᠡ ᠂ ᠮᠠᠭᠠᠳ ᠶᠡᠬᠡ ᠭᠡᠷᠡᠯ ᠲᠡᠢ
ᠭᠡᠭᠡᠨ ᠨᠠᠷᠠ ᠮᠠᠨᠲᠤᠭᠰᠠᠭᠠᠷ᠂ ᠬᠠᠩᠭᠠᠢ ᠭᠣᠪᠢ ᠶ᠋ᠢ ᠭᠡᠢᠭᠦᠯᠦᠭᠰᠡᠨ
ᠬᠡᠲᠦᠨ ᠮᠢᠩᠭᠠᠨ ᠵᠢᠯ ᠡᠴᠡ᠂ ᠪᠢᠳᠡ ᠡᠨᠳᠡ ᠣᠷᠣᠰᠢᠬᠰᠠᠭᠠᠷ᠃
ᠬᠡᠲᠤᠶ᠋ᠢᠨᠡᠢ ᠪᠠᠯᠠᠷ ᠴᠠᠭ᠂ ᠲᠠᠪᠤᠨ ᠮᠢᠩᠭᠠᠨ ᠵᠢᠯ ᠦ᠋ᠨ ᠡᠮᠦᠨ᠎ᠡ᠂
ᠬᠣᠶ᠋ᠢᠲᠤ ᠭᠠᠵᠠᠷ ᠣᠷᠣᠰᠢᠵᠤ᠂ ᠬᠣᠯᠠ ᠣᠶ᠋ᠢᠷ᠎ᠠ ᠶ᠋ᠢ ᠬᠤᠪᠢᠰᠬᠠᠭᠰᠠᠨ᠂
ᠾᠦᠩᠨᠦ ᠶ᠋ᠢᠨ ᠦᠶ᠎ᠡ ᠬᠦᠷᠦᠭᠡᠳ᠂ ᠬᠦᠴᠦᠷᠬᠡᠭ ᠤᠯᠤᠰ ᠊ᠢ ᠮᠠᠨᠲᠤᠭᠤᠯᠤᠭᠰᠠᠨ
ᠬᠢᠩᠭᠠᠨ ᠠᠭᠤᠯᠠ ᠶ᠋ᠢᠨ ᠲᠡᠨᠳᠡ ᠡᠴᠡ᠂ ᠲᠩᠷᠢ ᠠᠭᠤᠯᠠ ᠶ᠋ᠢ ᠲᠤᠯᠤᠭᠰᠠᠨ᠃
ᠡᠨᠡᠬᠦ ᠾᠦᠩᠨᠦ ᠶ᠋ᠢᠨ ᠤᠯᠤᠰ᠂ ᠬᠣᠶᠠᠷ ᠮᠢᠩᠭᠠᠨ ᠵᠢᠯ ᠦ᠋ᠨ ᠲᠡᠷᠲᠡᠭᠡ᠂
ᠡᠮᠦᠨ᠎ᠡ ᠨᠠᠩᠭᠢᠶᠠᠳ ᠊ᠢ ᠰᠦᠷᠲᠡᠭᠦᠯᠵᠦ᠂ ᠤᠷᠲᠤ ᠬᠡᠷᠡᠮ ᠊ᠢ ᠴᠣᠭᠴᠠᠯᠠᠭᠤᠯᠤᠭᠰᠠᠨ
ᠷᠣᠮ ᠦ᠋ᠨ ᠤᠯᠤᠰ ᠊ᠢ ᠬᠦᠷᠴᠦ᠂ ᠡᠸᠥ᠋ᠷᠣᠫᠡ ᠳᠠᠬᠢᠨ ᠊ᠢ ᠰᠠᠨᠲᠤᠷᠤᠭᠤᠯᠤᠭᠰᠠᠨ
ᠥᠪᠡᠷ ᠦ᠋ᠨ ᠳᠤᠷᠠᠰᠬᠠᠯᠲᠤ ᠵᠦᠢᠯ ᠶ᠋ᠢᠡᠨ᠂ ᠮᠣᠩᠭᠣᠯ ᠣᠷᠣᠨ ᠳ᠋ᠦ᠍ ᠪᠠᠨ ᠬᠣᠴᠣᠷᠭᠠᠭᠰᠠᠨ᠃
ᠰᠢᠶᠠᠨᠪᠢ ᠂ ᠲᠣᠪᠠ ᠶ᠋ᠢᠨ ᠮᠣᠩᠭᠣᠯ᠂ ᠱᠠᠰᠲᠢᠷ ᠲᠡᠦᠬᠡ ᠶ᠋ᠢ ᠵᠠᠯᠭᠠᠮᠵᠢᠯᠠᠭᠰᠠᠨ᠂
ᠲᠦᠷᠺ ᠤᠶ᠋ᠢᠭᠤᠷ ᠲᠠᠢ ᠨᠡᠶ᠋ᠢᠯᠡᠵᠦ᠂ ᠲᠥᠷᠥᠯᠬᠢ ᠣᠷᠣᠨ ᠶ᠋ᠢᠠᠨ ᠰᠠᠬᠢᠬᠰᠠᠨ᠂
ᠬᠠᠷᠢ ᠬᠢᠵᠠᠭᠠᠷ ᠭᠠᠵᠠᠷ ᠲᠦ᠂ ᠬᠢᠲᠠᠨ ᠤᠯᠤᠰ ᠊ᠢ ᠪᠠᠶ᠋ᠢᠭᠤᠯᠤᠭᠰᠠᠨ᠂
ᠭᠠᠲᠠᠭᠠᠳᠤ ᠶ᠋ᠢᠨ ᠳᠠᠶ᠋ᠢᠰᠤᠨ ᠠᠯᠢᠨ ᠳ᠋ᠦ᠍᠂ ᠬᠡᠵᠢᠶᠡᠳᠡ ᠡᠷᠡᠯᠬᠡᠭ ᠶᠠᠪᠤᠭᠰᠠᠨ᠃
ᠬᠠᠭᠠᠨ ᠴᠢᠩᠭᠢᠰ ᠦ᠋ᠨ ᠦᠶ᠎ᠡ ᠳ᠋ᠦ᠍᠂ ᠬᠠᠮᠤᠭ ᠤᠯᠤᠰ ᠦ᠋ᠨ ᠲᠡᠷᠢᠭᠦᠨ ᠳ᠋ᠦ᠍
ᠬᠥᠬᠡ ᠮᠣᠩᠭᠣᠯ ᠦ᠋ᠨ ᠦᠷᠡᠰ᠂ ᠬᠤᠶᠠᠭ ᠳᠤᠭᠤᠯᠠᠬ᠋ᠠ ᠪᠠᠨ ᠵᠠᠰᠠᠵᠠᠭᠠᠭᠰᠠᠨ
ᠬᠣᠷᠣᠮᠰᠠᠬ᠋ᠠ ᠰᠠᠭᠠᠲᠠᠭ ᠠᠭᠰᠠᠵᠤ᠂ ᠬᠥᠯᠥᠭ ᠮᠣᠷᠢ ᠪᠠᠨ ᠲᠠᠰᠢᠭᠤᠷᠲᠠᠭᠰᠠᠨ᠂
ᠬᠣᠯᠠᠬᠢ ᠣᠶ᠋ᠢᠷᠠᠬᠠᠨ ᠊ᠢ ᠨᠢᠭᠡᠤᠠᠬᠡᠵᠦ᠂ ᠬᠥᠮᠦᠨ ᠪ ᠲᠡᠦᠬᠡᠨ ᠳ᠋ᠦ᠍ ᠮᠠᠩᠯᠠᠶ᠋ᠢᠯᠠᠭᠰᠠᠨ
ᠮᠢᠩᠭᠠᠨ ᠭᠣᠣᠯ ᠊ᠢ ᠭᠠᠲᠤᠯᠤᠭᠰᠠᠨ᠂ ᠮᠣᠷᠢᠨ ᠲᠤᠭᠤᠷᠠᠢ ᠶ᠋ᠢᠨ ᠭᠠᠪᠢᠶ᠎ᠠ᠂
ᠨᠠᠢ᠍ᠮᠠᠨ ᠵᠦᠭ ᠲᠦ ᠮᠠᠨᠲᠤᠭᠰᠠᠨ᠂ ᠡᠴᠢᠭᠡ ᠡᠪᠦᠭᠡ ᠶ᠋ᠢᠨ ᠭᠠᠪᠢᠶ᠎ᠠ᠂
ᠨᠠᠷᠮᠠᠢ ᠲᠥᠷᠥ ᠶ᠋ᠢ ᠪᠠᠶ᠋ᠢᠭᠤᠯᠤᠭᠰᠠᠨ᠂ ᠳᠡᠯᠡᠬᠡᠢ ᠳ᠋ᠠᠬᠢᠨ ᠳ᠋ᠦ᠍ ᠭᠠᠪᠢᠶ᠎ᠠ᠂
ᠮᠠᠨ ᠪ ᠥᠩᠭᠡᠷᠡᠭᠦᠯᠦᠭᠰᠡᠨ ᠲᠡᠦᠬᠡ᠂ ᠬᠥᠮᠦᠨ ᠲᠥᠷᠥᠯᠬᠢᠲᠡᠨ ᠳ᠋ᠦ᠍ ᠭᠠᠪᠢᠶ᠎ᠠ᠃
ᠮᠣᠩᠭᠣᠯ ᠬᠡᠮᠡᠬᠦ ᠨᠢᠭᠡ ᠨᠡᠷ᠎ᠡ᠂ ᠶᠢᠷᠲᠢᠨᠴᠦ ᠶ᠋ᠢᠨ ᠴᠢᠬᠢᠨ᠎ᠡ ᠳᠠᠭᠤᠷᠢᠰᠬᠠᠯ ᠲᠠᠢ᠂
ᠮᠣᠩᠭᠣᠯ ᠦ᠋ᠨ ᠲᠤᠯᠠ ᠬᠡᠮᠡᠬᠦ ᠰᠡᠤᠠᠬᠢᠯ᠂ ᠮᠠᠨ ᠤ ᠵᠢᠷᠦᠬᠡᠨ ᠳ᠋ᠦ᠍ ᠬᠣᠯᠪᠣᠬ᠋᠎ᠠ ᠲᠠᠢ᠂
ᠥᠰᠬᠦ ᠡᠴᠡ ᠰᠤᠷᠤᠭᠰᠠᠨ ᠦᠨᠲᠦᠰᠦᠨ ᠬᠡᠯᠡ᠂
ᠣᠷᠬᠢᠵᠤ ᠪᠣᠯᠣᠰᠢ ᠦᠭᠡᠢ ᠰᠣᠶᠣᠯ ᠮᠥᠨ᠂
ᠦᠬᠦᠲᠡᠯ᠎ᠡ ᠪᠡᠨ ᠣᠷᠣᠰᠢᠬᠤ ᠲᠥᠷᠥᠯᠬᠢ ᠨᠤᠲᠤᠭ᠂
ᠰᠠᠯᠵᠤ ᠪᠣᠯᠣᠰᠢ ᠦᠭᠡᠢ ᠣᠷᠣᠨ ᠮᠥᠨ ᠡ
ᠬᠠᠩᠭᠠᠢ ᠳᠡᠯᠡᠬᠡᠢ ᠬᠡᠪ ᠶ᠋ᠢᠡᠷ ᠶ᠋ᠢᠡᠨ ᠠᠲᠠᠯ᠎ᠠ᠂ ᠬᠥᠮᠦᠨ ᠪ ᠶᠠᠪᠤᠲᠠᠯ ᠶᠡᠬᠡ ᠬᠤᠪᠢᠷᠠᠭᠰᠠᠨ᠂
ᠬᠣᠶ᠋ᠢᠰᠢᠬᠢ ᠮᠥᠷ ᠊ᠢ ᠬᠠᠷᠠᠵᠤ᠂ ᠤᠷᠤᠭᠰᠢᠬᠢ ᠵᠠᠮ ᠊ᠢ ᠲᠠᠪᠰᠢᠯᠲᠠᠢ᠂
ᠬᠠᠷᠢ ᠶ᠋ᠢᠨ ᠬᠥᠨᠥᠭᠡᠯ ᠬᠡᠲᠦᠷᠡᠬᠦ ᠳ᠋ᠦ᠍᠂ ᠦᠨᠲᠦᠰᠦᠲᠡᠨ ᠦ ᠬᠤᠪᠢᠰᠤᠯ ᠭᠠᠷᠤᠭᠰᠠᠨ ᠰᠢᠦ
ᠲᠦᠮᠡᠨ ᠣᠨ ᠪ ᠡᠩᠬᠡ ᠶ᠋ᠢ ᠡᠶ᠋ᠢᠨᠬᠦ ᠲᠡᠮᠡᠴᠡᠨ ᠪᠦᠲᠦᠭᠡᠨ᠎ᠡ᠃
※ ᠵᠣᠬᠢᠶᠠᠭᠴᠢ ᠨᠢ᠄ ᠮᠣᠩᠭᠣᠯ ᠤᠯᠤᠰ ᠦ᠋ᠨ ᠳᠠᠰᠢᠲᠣᠷᠵᠢ ᠶ᠋ᠢᠨ ᠨᠠᠴᠤᠭᠲᠣᠷᠵᠢ
1936 ᠣᠨ ᠳ᠋ᠦ᠍《 ᠰᠢᠨ᠎ᠡ ᠲᠣᠯᠢ》 ᠰᠡᠤᠠᠬᠦᠯ ᠳ᠋ᠦ᠍ ᠠᠩᠬ᠎ᠠ ᠤᠲᠠᠬ᠋᠎ᠠ ᠬᠡᠪᠯᠡᠭᠦᠯᠦᠭᠰᠡᠨ
ᠦᠰᠦᠭ ᠠᠮᠢᠯᠠᠭᠤᠯᠤᠭᠴᠢ᠄ ᠴᠢ · ᠤᠷᠠᠨᠴᠡᠴᠡᠭ
ᠬᠢᠨᠠᠭᠴᠢ᠄ ᠣᠤᠠᠬᠠᠨᠰᠣᠠ᠋
