ᠪᠣᠷᠣᠭ᠎ᠠ - ᠠᠷᠲᠠᠢ Бороо - Артай ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠷᠣᠭ᠎ᠠ - ᠠᠷᠲᠠᠢ Бороо - Артай

ᠪᠣᠷᠣᠭ᠎ᠠ - ᠠᠷᠲᠠᠢ Бороо - Артай

2023-06-23

247

ᠪᠣᠷᠣᠭ᠎ᠠ


             1 

     ᠲᠡᠭᠷᠢ ᠪᠠᠶᠠᠷᠯᠠᠬᠤ ᠳ᠋ᠠᠭᠠᠨ ᠨᠢᠯᠪᠤᠰᠤ ᠤᠨᠠᠭᠠᠳᠠᠭ ᠃ 
     ᠵᠠᠷᠢᠮ ᠳ᠋ᠠᠭᠠᠨ ᠪᠦᠷ ᠠᠰᠬᠠᠷᠲᠠᠯ᠎ᠠ ᠣᠬᠢᠯᠠᠴᠢᠬᠠᠳᠠᠭ ᠃ 
     ᠠᠭᠤᠷᠯᠠᠪᠠᠯ ᠴᠡᠯᠳᠡᠢᠴᠢᠬᠡᠨ᠎ᠡ ᠃ 
     ᠬᠠᠶᠠ ᠳ᠋ᠠᠭᠠᠨ ᠵᠠᠩᠳᠤᠷᠴᠤ ᠵᠠᠩᠳᠤᠷᠤᠭᠠᠳ ᠶᠠᠪᠤᠴᠢᠬᠠᠳᠠᠭ ᠃   

             2 

      ᠲᠡᠭᠷᠢ ᠶ᠋ᠢᠨ ᠨᠢᠯᠪᠤᠰᠤ ᠨᠠᠷᠠᠨ ᠭᠡᠷᠡᠯ ᠴᠤᠭᠤᠴᠢᠵᠤ ᠂ ᠡᠷᠡᠭᠦᠯ ᠠᠨᠠᠷ  ᠢ᠋ ᠴᠣᠭᠣᠴᠢᠵᠤ ᠂ ᠮᠢᠨᠦ ᠤᠢᠳᠬᠠᠷ ᠬᠤᠨᠢᠭ  ᠢ᠋ ᠴᠣᠭᠣᠴᠢᠵᠤ ᠂ ᠮᠢᠨᠦ ᠬᠦᠯᠢᠶᠡᠭᠰᠡᠨ ᠰᠡᠳᠬᠢᠯ ᠳᠡᠭᠡᠷ᠎ᠡ ᠲᠣᠰᠤᠭᠠᠳ ᠨᠢᠭᠡᠨ ᠪᠤᠲᠠ ᠴᠡᠩᠬᠡᠷ ᠰᠢᠯᠦᠭ ᠤᠷᠭᠤᠭᠤᠯᠴᠢᠬᠠᠯ᠎ᠠ ᠃  

             3 

     ᠪᠣᠷᠣᠭᠠᠨ ᠳ᠋ᠤ᠌ ᠨᠣᠷᠬᠤ ᠰᠠᠢᠬᠠᠨ ᠃ 
     ᠡᠬᠡ ᠨᠤᠲᠤᠭ ᠤ᠋ᠨ ᠢ᠋ᠶ᠋ᠠᠨ ᠪᠣᠷᠣᠭᠠᠨ ᠳ᠋ᠤ᠌ ᠨᠣᠷᠬᠤ ᠰᠠᠢᠬᠠᠨ ᠠ᠋ ᠃ 
     ᠡᠬᠡ ᠨᠤᠲᠤᠭ ᠤ᠋ᠨ ᠢ᠋ᠶ᠋ᠠᠨ ᠪᠣᠷᠣᠭᠠᠨ ᠳ᠋ᠤ᠌  ᠮᠢᠨᠦ ᠰᠡᠳᠬᠢᠯ ᠨᠣᠷᠳᠠᠭ ᠶᠤᠮ ᠃ 
     ᠪᠣᠷᠣᠭᠠᠨ ᠳ᠋ᠤ᠌ ᠨᠣᠷᠬᠤ ᠰᠠᠢᠬᠠᠨ ᠃  

             4  

       ᠮᠢᠨᠦ ᠪᠦᠰᠡᠭᠦᠢ ᠠᠵᠢᠯᠴᠢ ᠴᠡᠪᠡᠷᠬᠡᠨ ᠃ ᠤᠬᠢᠶᠠᠵᠤ ᠠᠷᠴᠢᠭᠠᠳ ᠮᠢᠨᠦ ᠭᠡᠷ  ᠢ᠋ -- ᠮᠢᠨᠦ ᠵᠢᠷᠭᠠᠯ ᠤ᠋ᠨ ᠳᠤᠯᠠᠭᠠᠨ ᠤᠷᠲᠤ ᠶ᠋ᠢ ᠬᠢᠯ ᠴᠢᠯ ᠪᠣᠯᠭᠠᠴᠢᠬᠠᠳᠠᠭ᠃ ᠠᠷᠴᠢᠵᠤ ᠴᠡᠪᠡᠷᠯᠡᠵᠦ ᠪᠠᠷᠠᠭᠠᠳ ᠮᠢᠨᠦ ᠠᠪᠴᠤ ᠦᠬᠦᠭᠰᠡᠨ ᠠᠯᠠᠭ ᠡᠷᠢᠶᠡᠨ ᠠᠯᠴᠢᠭᠤᠷ  ᠢ᠋ ᠠᠯᠢᠶᠠᠯᠠᠨ ᠨᠠᠮᠢᠷᠠᠭᠤᠯᠤᠭᠰᠠᠭᠠᠷ ᠠᠵᠢᠯ ᠳ᠋ᠠᠭᠠᠨ ᠶᠠᠪᠤᠴᠢᠬᠠᠳᠠᠭ ᠰᠠᠨ᠃ 
       ᠮᠢᠨᠦ ᠪᠣᠷᠣᠭ᠎ᠠ ᠴᠤ᠌ ᠠᠵᠢᠯᠴᠢ ᠴᠡᠪᠡᠷᠬᠡᠨ ᠃ ᠤᠬᠢᠶᠠᠵᠤ ᠠᠷᠴᠢᠭᠠᠳ ᠮᠢᠨᠦ ᠨᠤᠲᠤᠭ  ᠢ᠋ -- ᠮᠢᠨᠦ ᠬᠠᠢᠷ᠎ᠠ ᠶ᠋ᠢᠨ ᠣᠩᠭᠣᠨ ᠥᠯᠥᠭᠡᠢ ᠶ᠋ᠢ ᠬᠢᠯ ᠴᠢᠯ ᠪᠣᠯᠭᠠᠴᠢᠬᠠᠳᠠᠭ ᠃ ᠠᠷᠴᠢᠵᠤ ᠴᠡᠪᠡᠷᠯᠡᠵᠦ ᠪᠠᠷᠠᠭᠠᠳ ᠂ ᠪᠠᠢᠭᠠᠯᠢ ᠶ᠋ᠢᠨ ᠠᠪᠴᠤ ᠦᠭᠭᠦᠭᠰᠡᠨ ᠠᠯᠠᠭ ᠡᠷᠢᠶᠡᠨ ᠠᠯᠴᠢᠭᠤᠷ  ᠢ᠋ ᠠᠯᠳᠠᠯᠠᠨ ᠳᠡᠯᠭᠡᠭᠰᠡᠭᠡᠷ ᠠᠯᠤᠰ ᠲᠤ᠌ ᠶᠠᠪᠤᠴᠢᠬᠠᠳᠠᠭ ᠰᠠᠨ᠃ 
       ᠠᠢ ᠬᠥᠭᠡᠷᠦᠬᠦᠢ ᠪᠣᠷᠣᠭ᠎ᠠ ᠴᠢ 
       ᠠᠮᠠᠷᠠᠭ ᠪᠦᠰᠡᠭᠦᠢ ᠶ᠋ᠢᠨ ᠰᠡᠳᠬᠢᠯ ᠪᠠᠢᠵᠠᠢ ᠃  

             5 

       ᠪᠣᠷᠣᠭ᠎ᠠ ᠶᠠᠭᠤ ᠪᠣᠢ ? 
       ᠪᠣᠷᠣᠭ᠎ᠠ ᠭᠤᠸ᠎ᠠ ᠰᠠᠢᠬᠠᠨ ᠤ᠋ ᠪᠡᠬᠡ ᠃ 
       ᠡᠨᠡ ᠪᠡᠬᠡ ᠪᠡᠷ  ᠪᠢᠴᠢᠭᠰᠡᠨ ᠰᠢᠯᠦᠭ ᠢ᠋ 
       ᠬᠡᠨ ᠪᠤᠯᠠᠭᠠᠨ ᠦᠵᠡᠵᠦ ᠴᠢᠳᠠᠨ᠎ᠠ ᠂ 
       ᠬᠡᠨ ᠪᠣᠯᠭᠠᠨ ᠥᠩᠰᠢᠵᠦ ᠴᠢᠳᠠᠬᠤ ᠦᠭᠡᠢ ᠃  

             6 

       ᠳᠠᠯᠠᠢ ᠲᠠᠩᠭᠢᠰ ᠠ᠋ᠴᠠ ᠂ ᠡᠬᠡ ᠭᠠᠵᠠᠷ ᠠ᠋ᠴᠠ ᠰᠢᠷᠭᠠᠵᠤ ᠠᠪᠤᠭᠰᠠᠨ ᠢ᠋ᠶ᠋ᠠᠨ ᠂ ᠵᠢᠭᠡᠯᠡᠵᠦ ᠠᠪᠤᠭᠰᠠᠨ ᠢ᠋ᠶ᠋ᠠᠨ ᠨᠠᠷᠠ ᠲᠥᠯᠥᠵᠦ ᠪᠠᠢᠨ᠎ᠠ ᠃ 
       ᠴᠠᠭᠠᠨ ᠴᠠᠭᠠᠨ ᠪᠥᠭᠡᠮ ᠪᠥᠭᠡᠮ ᠮᠥᠩᠭᠥᠨ ᠦ᠌ ᠥᠷᠢ ᠪᠡᠨ ᠡᠦᠲᠦ ᠮᠥᠬᠥᠯᠢᠭ ᠪᠣᠯᠣᠷ ᠰᠤᠪᠤᠳ ᠢ᠋ᠶ᠋ᠠᠷ ᠲᠥᠯᠥᠵᠦ ᠪᠠᠢᠨ᠎ᠠ ᠃ 
       ᠥᠷᠢ ᠪᠣᠯ ᠬᠡᠵᠢᠶᠡᠳᠡ  ᠪᠡᠨ ᠥᠷᠢ ᠃ 
       ᠥᠷᠢᠳᠡᠪᠡᠯ ᠲᠥᠯᠥᠬᠦ ᠯᠡ ᠬᠡᠷᠡᠭᠲᠡᠢ᠃  

             7 

       ᠪᠢ ᠡᠷᠬᠢᠮ ᠶᠡᠬᠡᠰ ᠦ᠋ᠨ ᠠᠯᠲᠠᠨ ᠬᠤᠨᠳᠠᠭᠠᠨ ᠳ᠋ᠠᠬᠢ 
       ᠠᠮᠲᠠᠲᠤ ᠳᠠᠷᠠᠰᠤ ᠪᠣᠯᠬᠤ ᠦᠭᠡᠢ ᠃  
       ᠪᠢ ᠪᠣᠷᠣᠭ᠎ᠠ ᠪᠣᠯᠤᠨ᠎ᠠ᠃
       ᠠᠳᠤᠭᠤᠨ ᠤ᠋ ᠲᠤᠭᠤᠷᠠᠢ ᠶ᠋ᠢᠨ ᠣᠷᠣᠮ ᠳ᠋ᠤ᠌ ᠲᠣᠭᠲᠠᠭᠰᠠᠨ ᠱᠠᠯᠪᠠᠭ ᠪᠣᠯᠤᠨ᠎ᠠ ᠃ 
       ᠦᠬᠡᠷ ᠬᠣᠨᠢᠨ ᠤ᠋ ᠡᠪᠡᠰᠦ ᠬᠠᠩᠬᠤᠯᠤᠭᠰᠠᠨ ᠬᠠᠯᠠᠭᠤᠨ ᠬᠣᠰᠢᠭᠤ ᠂ ᠥᠩᠭᠡ ᠮᠥᠩᠭᠥᠨ ᠦ᠌ ᠰᠢᠨᠤᠯ ᠣᠮᠣᠭᠣᠯᠲᠤᠭᠰᠠᠨ ᠬᠠᠭᠤᠷᠠᠢ ᠤᠷᠤᠭᠤᠯ ᠠ᠋ᠴᠠ ᠬᠣᠯᠠ ᠴᠡᠪᠡᠷ ᠭᠡᠵᠦ ᠰᠠᠷᠬᠤᠳ ᠪᠣᠷᠣᠭ᠎ᠠ ᠬᠣᠶᠠᠭᠤᠯᠠ ᠰᠠᠨᠠᠯ ᠨᠢᠭᠡᠲᠡᠢ ᠨᠤᠲᠠᠯᠠᠭᠰᠠᠨ ᠶᠤᠮ ᠭᠡᠨ᠎ᠡ ᠠ᠋ ᠃   

             8 

       ᠠᠮᠢᠳᠤᠷᠠᠯ ᠳ᠋ᠤ᠌ ᠲᠠᠩᠳᠠ ᠪᠣᠷᠣᠭ᠎ᠠ ᠣᠷᠣᠭᠠᠰᠠᠢ ! 
       ᠪᠣᠷᠣᠭ᠎ᠠ ᠲᠠᠢ ᠠᠮᠢᠳᠤᠷᠠᠯ ᠲᠠᠩᠳᠠ ᠴᠡᠴᠡᠭᠯᠡᠭᠡᠰᠡᠢ !