ᠰᠠᠷᠠᠨ ᠵᠡᠪᠡ – ᠵᠣᠬᠢᠶᠠᠯᠴᠢ ᠂ ᠵᠢᠷᠤᠭᠠᠴᠢ ᠲ ᠂ ᠮᠠᠨᠳᠢᠷ ( ᠲᠡᠦᠬᠡᠨ ᠲᠤᠭᠤᠵᠢ )– 12 ᠳ᠋ᠤᠭᠠᠷ ᠪᠦᠯᠦᠭ Саран зэв – Зохиолч ᠂ Зураач – Т᠂ мандир ( Түүхэн тууж ) – 12 дугаар бүлэг
ᠰᠠᠷᠠᠨ ᠵᠡᠪᠡ - ᠠᠷᠪᠠᠨ ᠬᠣᠶᠠᠳᠤᠭᠠᠷ ᠪᠥᠯᠥᠭ
᠁ ᠭᠠᠷ ᠊ᠤᠨ ᠬᠢᠨᠢ ᠬᠦᠯᠢᠶᠡᠰᠦ ᠠᠯᠳᠠᠭᠤᠷᠠᠭᠰᠠᠨ ᠳ᠋ᠤ᠌ ᠭᠠᠶ᠋ᠢᠬᠠᠬᠰᠠᠨ ᠳ᠋ᠠᠭᠠᠨ ᠱᠠᠮᠳᠠᠭᠠᠢ ᠵᠣᠯ ᠲᠠᠢ ᠯᠠ ᠮᠣᠷᠢ ᠪᠠᠨ ᠳᠠᠪᠢᠷᠠᠴᠢᠬᠠᠭᠰᠠᠨ ᠦᠭᠡᠢ᠃ ᠭᠡᠪᠡᠴᠦ ᠰᠡᠭᠦᠯ ᠊ᠤᠨ ᠡᠳᠦᠷ ᠬᠠᠭᠠᠰ ᠊ᠤᠨ ᠠᠯᠳᠡᠭ᠍ᠠ᠋ ᠡᠨᠳᠡᠭᠳᠡᠯ ᠨᠢ ᠳᠠᠩᠴᠤ ᠬᠡᠲᠦᠷᠡᠭᠰᠡᠨ ᠲᠤᠯᠠ ᠳᠠᠬᠢᠨ ᠪᠣᠯᠭᠣᠮᠵᠢ ᠦᠭᠡᠢ ᠠᠯᠬᠤᠮ ᠬᠢᠬᠦ ᠡᠴᠡ ᠠᠶᠤᠵᠤ ᠂ ᠭᠠᠷ ᠢ᠋ᠶ᠋ᠠᠨ ᠲᠡᠷᠡᠦᠬᠡᠨ ᠳ᠋ᠡᠭᠡᠨ ᠬᠥᠳᠡᠯᠭᠡᠨ ᠴᠢᠯᠡᠭᠡ ᠶ᠋ᠢ ᠨᠢ ᠭᠠᠷᠭᠠᠵᠤ ᠂ ᠶᠠᠭᠤ ᠪᠣᠯᠬᠤ ᠶ᠋ᠢ ᠬᠦᠯᠢᠶᠡᠪᠡ᠃ ᠴᠢᠬᠢᠨ ᠳ᠋ᠦ᠍ ᠨᠢ ᠲᠠᠨᠢᠯ ᠬᠦᠩᠭᠢᠨᠡᠭᠰᠡᠨ ᠳᠠᠭᠤ ᠂ ᠲᠡᠭᠡᠬᠦ ᠳ᠋ᠡᠭᠡᠨ ᠡᠨᠡ ᠣᠳᠠᠭ᠍ᠠ᠋ ᠲᠤᠩ ᠨᠠᠮᠤᠭᠤᠬᠠᠨ ᠬᠡᠯᠡᠬᠦ ᠨᠢ ᠄
— ᠭᠠᠷ ᠢ᠋ᠶ᠋ᠠᠨ ᠤᠷᠢᠳᠠ ᠪᠠᠨ ᠠᠪ ᠭᠡᠨ᠎ᠡ᠃
ᠱᠠᠮᠳᠠᠭᠠᠢ ᠡᠳᠦᠷᠵᠢᠨ ᠰᠥᠨᠢᠵᠢᠨ ᠬᠦᠯᠢᠶᠡᠨ ᠳ᠋ᠦ᠍ ᠬᠥᠰᠢᠭᠰᠡᠨ ᠮᠥᠷᠥ ᠪᠡᠨ ᠪᠣᠯᠭᠣᠮᠵᠢᠲᠠᠢ ᠲᠡᠨᠡᠶ᠋ᠢᠯᠭᠡᠨ ᠂ ᠭᠠᠷ ᠢ᠋ᠶ᠋ᠠᠨ ᠵᠤᠭᠤᠤᠬᠠᠨ ᠡᠪᠦᠳᠦᠭ ᠳᠡᠭᠡᠷ ᠡ᠋ ᠪᠡᠨ ᠲᠠᠯᠪᠢᠪᠠ᠃ ᠬᠤᠷᠤᠭᠤᠨ ᠳ᠋ᠤ᠌ ᠨᠢ ᠬᠦᠢᠲᠡᠨ ᠲᠡᠮᠦᠷ ᠬᠦᠷᠬᠦ ᠳ᠋᠊ᠤ ᠪᠠᠷᠣ᠊ᠭ ᠵᠦᠩ ᠰᠣᠪᠢᠩ ᠢ᠋ᠶ᠋ᠠᠷ ᠢ᠋ᠶ᠋ᠠᠨ ᠲᠣᠰᠣᠨ ᠠᠪᠤᠪᠠᠯ ᠰᠠᠷᠠᠨ ᠵᠡᠪᠡ ᠪᠠᠶ᠋ᠢᠬᠤ ᠨᠢ ᠲᠡᠷᠡ᠃ ᠳᠥᠩᠭᠡᠵᠦ ᠯᠡ ᠮᠡᠳᠡᠭᠡ ᠣᠷᠣᠵᠤ ᠪᠣᠢ ᠬᠤᠷᠤᠭᠤᠨ ᠊ᠤ ᠪᠠᠨ ᠥᠨᠳᠡᠭᠡ ᠪᠡᠷ ᠰᠠᠷᠠᠨ ᠵᠡᠪᠡ ᠶ᠋ᠢᠨ ᠣᠩᠭᠢᠨ ᠳ᠋ᠤ᠌ ᠨᠠᠭᠠᠯᠳᠤᠭᠰᠠᠨ ᠦᠵᠦᠮ ᠊ᠢ ᠭᠠᠶ᠋ᠢᠬᠠᠨ ᠲᠡᠮᠲᠡᠷᠢᠭᠡᠳ ᠱᠠᠮᠳᠠᠭᠠᠢ ᠪᠠᠶᠠᠷᠯᠠᠬᠤ ᠂ ᠭᠣᠮᠣᠳᠠᠬᠤ ᠶ᠋ᠢᠨ ᠠᠯᠢᠨ ᠊ᠢ ᠮᠡᠳᠡᠬᠦ ᠪᠡᠨ ᠪᠣᠯᠢᠪᠠ᠃ ᠰᠥᠪᠡᠭᠡᠳᠡᠢ ᠪᠠᠭᠠᠲᠤᠷ ᠊ᠤᠨ ᠬᠡᠯᠡᠭᠰᠡᠨ ᠢ᠋ᠶ᠋ᠡᠷ ᠶᠠᠭ ᠯᠠ ᠬᠣᠶᠠᠷ ᠦᠵᠦᠮ ᠂ ᠲᠡᠭᠡᠬᠦ ᠳ᠋ᠡᠭᠡᠨ ᠲᠤᠩ ᠊ᠴᠤ ᠠᠩᠵᠠᠭᠠᠷᠠᠮ ᠠ᠋ ᠦᠭᠡᠢ ᠨᠠᠭᠠᠯᠳᠤᠭᠰᠠᠨ ᠨᠢ ᠦᠯᠦ ᠮᠡᠳᠡᠬᠦ ᠬᠥᠮᠦᠨ ᠳ᠋ᠦ᠍ ᠪᠣᠯ ᠰᠠᠯᠠᠩ ᠫᠠᠯᠠᠩ ᠬᠥᠮᠦᠨ ᠊ᠤ ᠯᠠ ᠬᠢᠭᠰᠡᠨ ᠬᠡᠷᠡᠭ ᠰᠢᠭ ᠰᠠᠨᠠᠭᠳᠠᠬᠤ ᠪᠠᠷ ᠠᠵᠢ᠃ ᠲᠡᠭᠡᠭᠡᠳ ᠡᠨᠡ ᠵᠡᠪᠡ ᠶ᠋ᠢᠨ ᠡᠵᠡᠨ ᠪᠠᠷᠲᠠᠢ ᠰᠡᠴᠡᠨ ᠭᠡᠵᠦ ᠊ᠤᠤ ?
ᠮᠥᠨ ᠭᠡᠳᠡᠭ ᠢ᠋ᠶ᠋ᠡᠨ ᠨᠤᠲᠠᠯᠠᠬᠤ ᠭᠡᠰᠡᠨ ᠮᠡᠲᠦ ᠮᠡᠷᠭᠢᠳ ᠡᠷ ᠠ᠋ ᠳᠠᠬᠢᠨ ᠨᠠᠯᠠᠵᠤ ᠂ ᠰᠠᠷᠠᠨ ᠵᠡᠪᠡ ᠪᠡᠨ ᠰᠢᠪᠲᠤ ᠲᠡᠳᠡᠨ ᠠᠪᠬᠤ ᠮᠥᠷᠲᠡᠭᠡᠨ ᠄
— ᠠᠯᠮᠠᠶ᠋ᠢᠷᠠᠯ ᠦᠭᠡᠢ ᠰᠣᠨᠣᠰ᠃ ᠬᠥᠯ ᠊ᠤᠨ ᠢ᠋ᠶ᠋ᠠᠨ ᠬᠦᠯᠢᠶᠡᠰᠦ ᠶ᠋ᠢ ᠲᠠᠶ᠋ᠢᠯᠬᠣ ᠬᠡᠷᠡᠭ ᠦᠭᠡᠢ᠃ ᠣᠷᠴᠢᠨ ᠲᠣᠭᠣᠷᠢᠨ ᠢ᠋ᠶ᠋ᠠᠨ ᠰᠠᠢᠨ ᠠᠵᠢᠭᠯᠠ᠃ ᠪᠤᠷᠤᠭᠤ ᠳᠡᠯ ᠠ᠋ ᠶ᠋ᠢᠨ ᠤᠷᠲᠤ ᠭᠠᠨᠵᠤᠭᠠᠨ ᠳ᠋ᠤ᠌ ᠴᠢᠨᠢ ᠪᠣᠭᠣᠶ᠋ᠢᠯᠢ ᠪᠣᠢ᠃ ᠢᠯᠳᠦ ᠶ᠋ᠢ ᠳᠥᠷᠦᠭᠡᠨ ᠳ᠋ᠦ᠍ ᠬᠠᠪᠴᠢᠭᠣᠯᠣᠯ ᠠ᠋᠃( ᠦᠨᠡᠬᠡᠷ ᠵᠥᠪ ᠳᠡᠯ ᠠ᠋ ᠶ᠋ᠢᠨ ᠬᠢᠨᠢ ᠬᠥᠯ ᠭᠥᠯᠢᠮ ᠵᠠᠪᠰᠠᠷ ᠢ᠋ᠶ᠋ᠠᠷ ᠣᠪᠣᠷ ᠲᠠᠢ ᠶᠠᠭᠣᠮ ᠡ᠋ ᠰᠢᠷᠭᠤᠭᠤᠯᠬᠤ ᠮᠡᠳᠡᠭᠳᠡᠪᠡ᠃ ᠪᠠᠷᠲᠠᠢ ᠰᠡᠴᠡᠨ ᠲᠤᠩ ᠠᠳ᠋ᠭᠠᠤ ᠲᠦᠷᠭᠡᠨ ᠰᠢᠪᠡᠨᠡᠨ᠎ᠡ ) ᠴᠢ ᠨᠠᠮᠠᠶ᠋ᠢ ᠬᠠᠮᠠᠭᠠᠯᠠᠨ᠎ᠠ᠃ ᠠᠪᠵᠠᠢ ᠬᠠᠲᠤᠨ ᠊ᠢ ᠠᠯᠳᠠᠯ ᠦᠭᠡᠢ ᠬᠠᠷ᠎ᠠ ᠭᠡᠳ ᠭᠡᠨᠡᠳᠲᠡ ᠣᠶ᠋ᠢᠷᠠᠳᠣᠬᠰᠠᠨ ᠰᠢᠭ᠋ ᠢ᠋ᠶ᠋ᠡᠨ ᠬᠣᠯᠠᠳᠠᠪᠠ᠃
ᠱᠠᠮᠲᠠᠭᠠᠢ ᠥᠴᠦᠬᠡᠨ ᠰᠡᠭᠡᠭᠡ ᠣᠷᠣᠵᠤ ᠂ ᠡᠷᠭᠢᠨ ᠲᠣᠭᠣᠷᠢᠨ ᠢ᠋ᠶ᠋ᠠᠨ ᠬᠠᠷᠠᠪᠠᠯ ᠲᠡᠷᠡ ᠪᠤᠰᠤᠳ ᠠ᠋ᠴᠠ ᠠᠷᠠᠢ ᠣᠨᠴᠠᠭᠠᠶ᠋ᠢᠲᠠᠭᠣ ᠲᠠᠰᠤᠷᠠᠭᠰᠠᠨ ᠪᠣᠯᠤᠯᠲᠠᠢ ᠃ ᠠᠮᠠᠭᠠᠢ ᠱᠠᠵᠢᠭᠢᠨᠠᠨ ᠂ ᠭᠥᠯᠢᠮ ᠲᠡᠷᠳ᠋ ᠭᠡᠬᠦ ᠶ᠋ᠢ ᠰᠣᠨᠣᠰᠪᠠᠯ ᠮᠡᠷᠭᠢᠳ ᠴᠡᠷᠢᠭ ᠲᠦᠷ ᠠᠮᠠᠰᠬᠢᠵᠣ ᠪᠣᠢ ᠪᠣᠯᠤᠯᠲᠠᠢ ᠃ ᠬᠡᠳᠦᠢ ᠣᠯᠠᠨ ᠴᠡᠷᠢᠭ ᠪᠠᠶ᠋ᠢᠬ᠋᠎ᠠ ᠪᠣᠯᠪᠠᠴᠤ ᠴᠢᠮᠡᠭᠡ ᠱᠤᠤᠭᠢᠶᠠᠨ ᠪᠠᠭ᠎ᠠ ᠪᠠᠶ᠋ᠢᠬᠤ ᠨᠢ ᠠᠷᠭ᠎ᠠ ᠦᠭᠡᠢ ᠯᠡ ᠲᠤᠷᠰᠢᠯᠭᠠᠲᠠᠢ ᠳᠠᠶ᠋ᠢᠴᠢᠳ ᠭᠡᠳᠡᠭ ᠊ᠢ ᠰᠠᠨᠠᠭᠤᠯᠤᠨ᠎ᠠ ᠃ ᠱᠠᠮᠲᠠᠭᠠᠢ ᠶᠠᠭᠤᠨ ᠤ᠋ ᠡᠮᠦᠨ᠎ᠡ ᠢᠯᠳᠦ ᠪᠡᠨ ᠰᠠᠮ ᠠᠪᠴᠤ ᠂ ᠬᠣᠷᠮᠣᠢ ᠳᠣᠣᠷ᠎ᠠ ᠪᠠᠨ ᠠᠪᠴᠢᠷᠠᠨ ᠳᠠᠷᠤᠵᠤ ᠠᠪᠤᠯ᠎ᠠ — ᠵᠡᠭᠦᠨ ᠭᠠᠷ ᠢ᠋ᠶ᠋ᠠᠷ ᠢ᠋ᠶ᠋ᠠᠨ ᠲᠡᠮᠲᠡᠷᠢᠪᠡᠯ ᠦᠨᠡᠬᠡᠷ ᠨᠠᠷᠢᠨ ᠰᠤᠷ ᠤ᠋ᠨ ᠪᠤᠭᠤᠶ᠋ᠢᠯᠢ ᠭᠠᠨᠵᠤᠭ᠎ᠠ ᠪᠠᠷ ᠲᠠᠷᠣᠭᠣᠯᠣᠰᠣᠲᠠᠢ ᠪᠠᠶ᠋ᠢᠬᠤ ᠠᠵᠤᠭᠤ ᠃ ᠳᠥᠷᠪᠡᠳ ᠵᠠᠯᠠᠭᠤ ᠳ᠋ᠤ᠌ ᠡᠨᠡ ᠨᠢ ᠢᠯᠳᠦ ᠲᠡᠢ ᠨᠢ ᠲᠡᠩᠴᠡᠬᠦ ᠬᠦᠴᠦᠲᠡᠢ ᠵᠡᠪᠰᠡᠭ ᠶᠦ᠍ᠮ ᠃ ᠱᠠᠮᠲᠠᠭᠠᠢ ᠭᠠᠨᠵᠤᠭᠠᠨ ᠤ᠋ ᠵᠠᠩᠭᠢᠯᠠᠭ᠎ᠠ ᠶ᠋ᠢ ᠪᠠᠷᠢᠵᠤ ᠂ ᠲᠠᠶ᠋ᠢᠯᠬᠤ ᠲᠥᠷᠥ ᠶ᠋ᠢ ᠨᠢ ᠮᠡᠳᠡᠭᠰᠡᠨ ᠦ᠌ ᠳᠠᠷᠠᠭ᠎ᠠ ᠡᠮᠡᠭᠡᠯ ᠳᠡᠭᠡᠷ᠎ᠡ ᠪᠡᠨ ᠴᠡᠴᠡᠷᠡᠵᠦ ᠪᠠᠷᠤᠭ ᠭᠤᠷᠪᠠᠨ ᠡᠳᠦᠷ ᠦ᠋ᠨ ᠳᠠᠷᠠᠭ᠎ᠠ ᠠᠩᠬ᠎ᠠ ᠤᠳᠠᠭ᠎ᠠ ᠠᠭᠤᠵᠢᠭᠤ ᠠᠮᠢᠰᠬᠤᠭ᠎ᠠ ᠠᠪᠤᠪᠠ ᠃
ᠶᠠᠭ ᠡᠨᠡ ᠮᠥᠴᠡ ᠳ᠋ᠦ᠍ ᠫᠤᠤ ᠳᠡᠯᠪᠡᠷᠡᠬᠦ ᠰᠦᠷᠲᠡᠢ ᠴᠢᠮᠡᠭᠡ ᠰᠥᠨᠢ ᠶ᠋ᠢᠨ ᠨᠠᠮ ᠭᠦᠮ ᠊ᠢ ᠴᠣᠴᠢᠭᠠᠨ ᠳᠠᠭᠤᠷᠢᠰᠪᠠ ᠃ ᠫᠤᠤ ᠶ᠋ᠢᠨ ᠳᠠᠭᠤ ᠲᠠᠢ ᠤᠷᠤᠯᠳᠤᠨ ᠡᠷᠭᠢᠨ ᠲᠣᠭᠣᠷᠢᠨ ᠳ᠋ᠤ᠌ ᠭᠠᠯ ᠮᠠᠨᠠᠯᠵᠠᠨ ᠦᠦᠷ ᠦ᠋ᠨ ᠦᠨᠡᠭᠡᠨ ᠬᠠᠷᠠᠩᠭᠤᠢ ᠶ᠋ᠢ ᠪᠠᠷᠤᠭ ᠡᠳᠦᠷ ᠰᠢᠭ ᠭᠡᠷᠡᠯᠲᠦᠭᠦᠯᠦᠯᠡ ᠃ ᠮᠡᠷᠭᠢᠳ ᠳᠠᠶ᠋ᠢᠴᠢᠳ ᠶᠠᠭᠠᠷᠠᠨ ᠮᠣᠷᠢᠨ ᠳ᠋ᠠᠭᠠᠨ ᠮᠣᠷᠳᠠᠵᠤ ᠂ ᠣᠯᠣᠮ ᠵᠢᠷᠢᠮ ᠢ᠋ᠶ᠋ᠡᠨ ᠰᠤᠯᠠᠯᠠᠭᠰᠠᠨ ᠲᠡᠳᠦᠢ ᠦᠭᠡᠢ ᠮᠣᠷᠢᠳ ᠢ᠋ᠶ᠋ᠠᠨ ᠠᠮᠠᠭᠠᠶ᠋ᠢᠪᠴᠢᠯᠠᠵᠣ ᠡᠪᠡᠰᠦ ᠬᠠᠵᠠᠭᠤᠯᠤᠭᠰᠠᠨ ᠬᠥᠮᠦᠰ ᠪᠦᠷ ᠴᠦ᠍ ᠲᠡᠪᠡᠳᠡᠵᠦ ᠪᠠᠶ᠋ᠢᠬ᠋᠎ᠠ ᠨᠢ ᠣᠭᠵᠣᠮ ᠣᠭᠵᠣᠮ ᠭᠢᠯᠠᠯᠵᠠᠬᠤ ᠭᠠᠯ ᠤ᠋ᠨ ᠨᠥᠯᠦᠭᠡᠨ ᠳ᠋ᠦ᠍ ᠲᠣᠳᠣᠬᠠᠨ ᠬᠠᠷᠠᠭᠳᠠᠨ᠎ᠠ ᠃ ᠶᠠᠮᠠᠷ ᠰᠢᠤᠬᠠᠨ ᠭᠠᠵᠠᠷ ᠢᠷᠡᠭᠡᠳ ᠪᠠᠶ᠋ᠢᠬ᠋᠎ᠠ ᠪᠠᠨ ᠪᠠᠷᠢᠮᠵᠢᠶᠠᠯᠠᠵᠤ ᠴᠢᠳᠠᠭᠰᠠᠨ ᠦᠭᠡᠢ ᠬᠥᠮᠦᠰ ᠲᠦ᠍ ᠡᠨᠡ ᠬᠥᠨᠳᠡᠢ ᠲᠤᠩ ᠳᠠᠪᠴᠢᠭᠤ ᠬᠠᠷᠠᠭᠳᠠᠭᠰᠠᠨ ᠤ᠋ ᠵᠡᠷᠭᠡᠴᠡᠭᠡ ᠡᠷᠭᠢᠨ ᠲᠣᠭᠣᠷᠢᠨ ᠤ᠋ ᠪᠦᠬᠦᠢ ᠯᠡ ᠥᠨᠳᠥᠷᠯᠢᠭ ᠲᠦ᠍ ᠭᠠᠯ ᠂ ᠳᠠᠷᠢ ᠂ ᠱᠡᠦ ᠮᠠᠨᠠᠯᠵᠠᠬᠤ ᠨᠢ ᠵᠠᠢ ᠦᠭᠡᠢ ᠪᠦᠰᠡᠯᠡᠭᠳᠡᠵᠡᠢ ᠭᠡᠰᠡᠨ ᠴᠡᠷᠢᠭ ᠬᠥᠮᠦᠨ ᠦ᠌ ᠴᠡᠭᠡᠵᠢᠨ ᠳ᠋ᠦ᠍ ᠪᠠᠶ᠋ᠢᠩᠭᠤ ᠶᠠᠪᠤᠳᠠᠭ ᠠᠶᠣᠲᠠᠰᠣ ᠶ᠋ᠢ ᠰᠡᠳᠡᠷᠡᠭᠡᠵᠦ ᠤᠯᠠᠮ ᠤᠯᠠᠮ ᠬᠥᠭᠡᠷᠭᠡᠳᠡᠨ ᠲᠡᠪᠡᠷᠭᠡᠨᠡ ᠃
ᠱᠠᠮᠲᠠᠭᠠᠢ ᠳ᠋ᠤ᠌ ᠡᠨᠡ ᠪᠦᠬᠦᠨ ᠊ᠢ ᠰᠣᠨᠢᠷᠬᠠᠨ ᠰᠠᠳᠠᠭᠠᠷᠠᠬᠤ ᠵᠠᠪ ᠪᠠᠶ᠋ᠢᠬᠰᠠᠨ ᠦᠭᠡᠢ ᠃ ᠡᠵᠡᠨ ᠢ᠋ᠶ᠋ᠡᠨ ᠡᠷᠢᠪᠡ ᠃ ᠠᠰᠢᠭᠦᠢ ᠪᠠᠷᠲᠠᠢ ᠰᠡᠴᠡᠨ ᠣᠶ᠋ᠢᠷᠠᠬᠠᠨ ᠵᠣᠭᠰᠣᠨ᠎ᠠ ᠃ ᠲᠡᠷᠡ ᠪᠡᠷ ᠱᠠᠮᠲᠠᠭᠠᠢ ᠶ᠋ᠢ ᠮᠠᠷᠲᠠᠭᠰᠠᠨ ᠪᠣᠯᠤᠯᠲᠠᠢ ᠂ ᠴᠠᠭᠠᠱᠢ ᠪᠠᠨ ᠬᠡᠨ ᠨᠢᠭᠡᠨ ᠊ᠢ ᠡᠷᠢᠨ ᠬᠠᠷᠠᠭᠠᠴᠢᠯᠠᠬᠤ ᠠᠵᠢ ᠃ ᠱᠠᠮᠲᠠᠭᠠᠢ ᠡᠷᠭᠢᠨ ᠲᠣᠭᠣᠷᠢᠨ ᠢ᠋ᠶ᠋ᠠᠨ ᠠᠵᠢᠭᠯᠠᠪᠠᠯ ᠠᠯᠲᠠᠨ ᠳᠤᠭᠤᠯᠠᠭᠠᠲᠤ ᠵᠡᠭᠵᠡᠭᠡᠷ ᠬᠠᠲᠤᠨ ᠶᠡᠷᠦ ᠦᠵᠡᠭᠳᠡᠭᠰᠡᠨ ᠦᠭᠡᠢ ᠃
ᠬᠣᠶᠠᠳᠠᠬᠢ ᠫᠤᠤ ᠨᠢᠵᠢᠭᠢᠨᠡᠯᠡ᠃
ᠭᠠᠯᠲᠤ ᠫᠤᠤᠳᠠᠯᠭ᠎ᠠ ᠤᠯᠠᠮ ᠰᠢᠷᠦᠭᠦᠰᠴᠦ᠂ ᠣᠳᠣ ᠪᠦᠷ ᠨᠢᠳᠦ ᠭᠢᠯᠪᠠᠮ᠎ᠠ ᠴᠠᠭᠠᠨ᠂ ᠦᠬᠦᠯ ᠦ᠋ᠨ ᠭᠡᠮᠡᠷ ᠵᠢᠪᠡᠭᠦᠨ ᠰᠠᠭᠠᠷᠠᠯ ᠥᠩᠭᠡ ᠪᠡᠷ ᠴᠦ᠍ ᠴᠠᠬᠢᠯᠠᠬᠤ ᠪᠣᠯᠪᠠ᠃ 《 ᠳᠠᠭᠠᠭᠲᠤᠨ 》 ᠭᠡᠰᠡᠨ ᠳᠠᠭᠤ ᠡᠬᠢᠯᠡᠭᠡᠳ ᠲᠡᠷᠡ ᠨᠢᠵᠢᠭᠢᠨᠡᠭᠡᠨ ᠳᠤᠮᠳᠠ ᠰᠤᠯᠠᠬᠠᠨ ᠰᠣᠨᠣᠰᠤᠭᠳᠠᠵᠠᠢ᠃ ᠤᠳᠠᠯ ᠦᠭᠡᠢ ᠦᠢ ᠣᠯᠠᠨ ᠡᠷᠡᠰ ᠳᠠᠭᠤ ᠨᠡᠢᠯᠡᠭᠦᠯᠦᠨ《 ᠳᠠᠭᠠᠭᠲᠤᠨ᠂ ᠳᠠᠭᠠᠭᠲᠤᠨ 》 ᠭᠡᠵᠦ ᠳᠠᠭᠤᠳᠠᠬᠤ ᠳ᠋ᠤ᠌ ᠬᠠᠷᠠᠩᠭᠤᠢ ᠤᠯᠠᠮ ᠴᠤ᠌ ᠳᠠᠪᠴᠢᠳᠠᠬᠤ ᠰᠢᠭ᠋᠂ ᠳᠡᠭᠡᠷ᠎ᠡ ᠨᠢ ᠬᠠᠷᠠᠩᠭ᠎ᠠ ᠬᠡᠩᠭᠡᠷᠭᠡ ᠶ᠋ᠢᠨ ᠵᠢᠭᠳᠡᠬᠡᠨ ᠪᠥᠭᠡᠳ ᠬᠠᠲᠠᠭᠤ ᠰᠦᠷᠯᠢᠭ ᠬᠡᠮᠨᠡᠯ᠂ ᠢᠯᠳᠦ ᠪᠡᠷ ᠪᠠᠮᠪᠠᠢ ᠪᠠᠨ ᠳᠡᠯᠡᠳᠬᠦ ᠬᠠᠭᠠᠷᠢᠬᠤ ᠳᠠᠭᠤ ᠨᠡᠮᠡᠭᠳᠡᠵᠦ ᠪᠦᠷ ᠴᠦ᠍ ᠲᠡᠰᠬᠡᠯ ᠢ᠋ ᠠᠯᠳᠠᠭᠤᠯᠤᠮᠠᠷ ᠪᠣᠯᠤᠭᠠᠳ ᠢᠷᠡᠯ᠎ᠡ᠃
ᠤᠷᠲᠤ ᠬᠦᠵᠦᠭᠦᠦ᠂ ᠥᠷᠭᠡᠨ ᠬᠡᠩᠬᠦᠳᠡᠭ ᠲᠡᠢ ᠨᠢᠳᠦ ᠭᠢᠯᠪᠠᠮ᠎ᠠ ᠴᠠᠭᠠᠨ ᠠᠷᠠᠪ ᠤᠭᠰᠠᠭᠠᠨ ᠤ᠋ ᠠᠵᠢᠷᠭ᠎ᠠ ᠤᠨᠤᠭᠰᠠᠨ ᠡᠷ᠎ᠡ ᠬᠠᠵᠠᠭᠤ ᠪᠠᠷ ᠨᠢ ᠳᠠᠭᠤᠯᠠᠨ ᠥᠩᠭᠡᠷᠡᠭᠡᠳ ᠬᠣᠯᠠ ᠦᠭᠡᠢ ᠳᠣᠪᠣᠨ ᠳᠡᠭᠡᠷ᠎ᠡ ᠭᠠᠷᠴᠤ ᠭᠠᠷ ᠢ᠋ᠶ᠋ᠠᠨ ᠡᠷᠭᠦᠬᠦ ᠳ᠋ᠦ᠍ ᠭᠠᠯ ᠭᠡᠵᠦ ᠱᠠᠮᠳᠠᠭᠠᠢ ᠲᠠᠨᠢᠯ᠎ᠠ᠃ ᠣᠳᠣ ᠡᠨᠡ ᠬᠥᠮᠦᠨ᠂ ᠡᠨᠳᠡ ᠶᠠᠭᠤ ᠪᠣᠯᠬᠤ ᠶ᠋ᠢ ᠰᠢᠢᠳᠬᠦ ᠨᠢ ᠭᠡᠳᠡᠭ ᠢ᠋ ᠱᠠᠮᠳᠠᠭᠠᠢ ᠣᠢᠯᠠᠭᠠᠯ᠎ᠠ᠃ ᠥᠩᠭᠡ ᠰᠣᠯᠪᠢᠭᠰᠠᠨ ᠰᠠᠴᠤᠷᠠᠭ ᠫᠤᠤᠳᠠᠯᠭ᠎ᠠ ᠶ᠋ᠢᠨ ᠭᠡᠷᠡᠯ ᠳ᠋ᠦ᠍ ᠭᠠᠯ ᠨᠣᠶᠠᠨ ᠤ᠋ ᠵᠠᠯᠠᠭᠤᠬᠠᠨ ᠰᠢᠢᠳᠮᠡᠭ ᠴᠢᠷᠠᠢ ᠦᠵᠡᠰᠬᠦᠯᠡᠩᠲᠡᠢ ᠠᠲᠠᠯ᠎ᠠ ᠳᠣᠭᠰᠢᠨ ᠰᠦᠷᠯᠢᠭ ᠬᠠᠷᠠᠭᠳᠠᠯ᠎ᠠ᠃ ᠡᠨᠡ ᠬᠥᠮᠦᠨ ᠣᠳᠣ《 ᠦᠬᠦᠨ ᠪᠠᠢᠯᠳᠤᠶ᠎ᠠ 》 ᠭᠡᠵᠦ ᠤᠷᠢᠶᠠᠯᠠᠨ᠎ᠠ ᠭᠡᠳᠡᠭ ᠢ᠋ ᠱᠠᠮᠳᠠᠭᠠᠢ ᠭᠡᠨᠡᠳᠲᠡ ᠤᠬᠠᠭᠠᠷᠠᠵᠤ᠂ ᠨᠢᠷᠤᠭᠤ ᠪᠠᠷ ᠨᠢ ᠮᠣᠭᠠᠢ ᠭᠤᠯᠠᠰᠬᠤ ᠰᠢᠭ᠋ ᠬᠦᠢᠲᠡᠨ ᠣᠷᠬᠢᠨ ᠦᠰᠦ ᠨᠢ ᠪᠣᠰᠤᠯ᠎ᠠ᠃ ᠬᠡᠷᠪᠡ ᠭᠠᠯ ᠨᠣᠶᠠᠨ ᠤᠷᠢᠶᠠᠯᠠᠪᠠᠰᠤ ᠡᠨᠡ ᠬᠥᠨᠳᠡᠢ ᠴᠢᠰᠤᠨ ᠨᠠᠮᠤᠭ ᠪᠣᠯᠤᠨ᠎ᠠ᠃ ᠭᠡᠬᠦ ᠳ᠋ᠡᠭᠡᠨ ᠵᠥᠪᠬᠡᠨ ᠮᠡᠷᠭᠢᠳ ᠦ᠋ᠨ ᠵᠣᠷᠢᠭᠲᠤ ᠵᠠᠯᠠᠭᠤᠰ ᠤ᠋ᠨ ᠶᠠᠰᠤ᠂ ᠴᠢᠰᠤ ᠪᠠᠷ ᠬᠤᠴᠢᠭᠳᠠᠨᠠ ᠭᠡᠳᠡᠭ ᠢ᠋ ᠲᠠᠭᠠᠪᠤᠷᠢᠯᠠᠬᠤ ᠦᠭᠡᠢ ᠪᠠᠢᠬᠤ ᠠᠷᠭ᠎ᠠ ᠦᠭᠡᠢ᠃ ᠤᠲᠤᠯᠳᠠᠨ ᠳ᠋ᠤ᠌ ᠣᠷᠣᠭᠰᠠᠨ ᠴᠡᠷᠢᠭ ᠦ᠋ᠨ ᠳᠠᠭᠠᠷᠢᠯᠲᠠ ᠪᠣᠯ ᠲᠤᠯᠤᠯᠳᠤᠭᠠᠨ ᠪᠢᠰᠢ ᠴᠢᠰᠤᠲᠤ ᠬᠢᠳᠤᠯᠭ᠎ᠠ ᠶ᠋ᠢ ᠯᠡ ᠥᠳᠥᠭᠡᠳᠡᠭ ᠨᠢ ᠲᠣᠭᠲᠠᠭᠰᠠᠨ ᠵᠢᠮ᠎ᠡ᠃ ᠲᠡᠮᠦᠷ ᠲᠡᠷᠭᠡ ᠨᠦ᠍ᠭᠦᠳ ᠲᠦ᠍ ᠬᠡᠳᠦᠢ ᠴᠢᠨᠡᠭᠡᠨ ᠶᠡᠬᠡ ᠳᠠᠷᠢ᠂ ᠱᠡᠦ᠂ ᠪᠥᠮᠪᠥᠭᠡ ᠪᠠᠢᠭ᠎ᠠ ᠶ᠋ᠢ ᠡᠳᠡ ᠨᠠᠷ ᠶᠠᠭᠠᠬᠢᠵᠤ ᠮᠡᠳᠡᠬᠦ ᠪᠢᠯᠡ᠃
ᠪᠠᠷᠲᠠᠢ ᠰᠡᠴᠡᠨ ᠨᠤᠮᠤ ᠪᠠᠨ ᠡᠩ ᠦ᠋ᠨ ᠢ᠋ᠶ᠋ᠡᠷ ᠰᠤᠭᠤᠯᠵᠤ᠂ ᠲᠠᠮᠰᠢᠶᠠᠯᠭᠠᠵᠤ ᠪᠠᠢᠬᠤ ᠶ᠋ᠢ ᠱᠠᠮᠳᠠᠭᠠᠢ ᠠᠵᠢᠭᠯᠠᠪᠠ᠃ ᠡᠨᠡ ᠭᠡᠮ ᠦᠭᠡᠢᠬᠡᠨ ᠬᠥᠳᠡᠯᠭᠡᠭᠡᠨ ᠬᠡᠨ ᠦ᠌ ᠴᠦ᠍ ᠬᠠᠷ᠎ᠠ ᠰᠡᠷᠡᠭᠡ ᠶ᠋ᠢ ᠬᠥᠳᠡᠯᠭᠡᠭᠰᠡᠨ ᠦᠭᠡᠢ᠃ ᠦᠨᠡᠨ ᠳ᠋ᠡᠭᠡᠨ ᠬᠠᠷᠠᠳᠠᠬᠤ ᠪᠠᠷ ᠰᠥᠭᠥᠭᠡ ᠲᠡᠢ ᠬᠥᠮᠦᠨ ᠴᠦ᠍ ᠣᠢᠷ᠎ᠠ ᠣᠷᠴᠢᠨ ᠳ᠋ᠤ᠌ ᠯᠠᠪ ᠪᠠᠢᠭᠰᠠᠨ ᠦᠭᠡᠢ᠃ ᠴᠥᠮ ᠳᠣᠭᠳᠣᠯᠤᠨ ᠴᠢᠷᠠᠢ ᠨᠢ ᠴᠣᠩᠬᠢᠢᠭᠠᠳ ᠭᠠᠯ ᠢ᠋ ᠠᠵᠢᠬᠤ ᠮᠡᠲᠦ᠃ ᠤᠷᠲᠤ ᠥᠷᠭᠡᠨ ᠨᠢ ᠦᠯᠦ ᠮᠡᠳᠡᠭᠳᠡᠬᠦ ᠬᠥᠨᠳᠡᠢ ᠪᠢᠲᠡᠭᠦᠦ ᠠᠮᠢᠰᠬᠤᠯ ᠳ᠋ᠤ᠌ ᠳᠠᠪᠴᠢᠳᠠᠨ ᠲᠡᠷᠡ ᠴᠢᠭ ᠢ᠋ᠶ᠋ᠡᠷ ᠢ᠋ᠶ᠋ᠡᠨ ᠨᠦᠵᠢᠭᠢᠨᠡᠭᠡᠳ ᠪᠦᠰᠡᠯᠡᠭᠰᠡᠨ ᠴᠡᠷᠢᠭ ᠦ᠋ᠳ《 ᠳᠠᠭᠠᠭᠲᠤᠨ》 ᠭᠡᠰᠡᠨ ᠰᠢᠭᠤᠷᠳᠠᠯᠭᠠ ᠦᠶ᠎ᠡ ᠦᠶ᠎ᠡ ᠵᠢᠵᠢᠭᠢᠨᠠᠨ ᠠᠭᠤᠯᠠ᠂ ᠵᠡᠪᠡ ᠶ᠋ᠢ ᠳᠦᠭᠦᠷᠭᠡᠨ᠎ᠡ᠃
ᠭᠠᠯ ᠳᠥᠷᠦᠭᠡᠨ ᠳᠡᠭᠡᠷ᠎ᠡ ᠪᠡᠨ ᠪᠣᠰᠤᠭᠠᠳ ᠤᠷᠲᠤ ᠪᠠᠷ ᠠᠮᠢᠰᠬᠤᠭ᠎ᠠ ᠠᠪᠤᠪᠠ᠃ ᠠᠯᠢ ᠪᠣᠯᠬᠤ ᠣᠯᠠᠨ ᠬᠥᠮᠦᠨ ᠳ᠋ᠦ᠍ ᠳᠤᠭᠤᠯᠳᠠᠬᠤ ᠶ᠋ᠢᠨ ᠲᠤᠯᠠᠳᠠ ᠢᠩᠭᠢᠵᠦ ᠪᠠᠢᠵᠤ ᠯᠠ ᠴᠢᠩᠭ᠎ᠠ ᠳᠤᠤᠭᠠᠷᠬᠤ ᠡᠴᠡ ᠪᠢᠰᠢ ᠶᠠᠭᠠᠬᠢᠬᠤ ᠪᠣᠢ᠃ ᠭᠡᠪᠡᠴᠦ ᠡᠨᠡ ᠬᠣᠷᠣᠮ ᠲᠡᠭᠦᠨ ᠦ᠌ ᠪᠣᠯᠤᠨ ᠮᠡᠷᠭᠢᠳ ᠦ᠋ᠨ ᠨᠢᠭᠡ ᠲᠦᠮᠡᠨ ᠴᠡᠷᠢᠭ ᠦ᠋ᠨ ᠬᠤᠪᠢ ᠵᠠᠶᠠᠭ᠎ᠠ ᠶ᠋ᠢ ᠬᠣᠶᠠᠷ ᠲᠡᠰᠢ ᠨᠢ ᠰᠢᠢᠳᠦᠭᠡᠳ ᠥᠭᠴᠡᠢ᠃ ᠵᠡᠷᠯᠢᠭ ᠵᠥᠭᠡᠢ ᠮᠡᠲᠦ ᠰᠤᠮᠤ ᠱᠤᠩᠭᠢᠨᠠᠬᠤ ᠨᠢ ᠪᠦᠦᠷ ᠲᠦᠦᠷ ᠲᠤᠭᠤᠯᠳᠠᠭᠠᠳ ᠮᠡᠷᠭᠢᠳ ᠦ᠋ᠨ ᠵᠠᠯᠠᠭᠤ ᠨᠣᠶᠠᠨ ᠤ᠋ ᠲᠣᠯᠣᠭᠠᠢ ᠦᠭᠡᠢ ᠴᠣᠭᠴᠠᠰ ᠡᠮᠡᠭᠡᠯ ᠳᠡᠭᠡᠷ᠎ᠡ ᠪᠡᠨ ᠨᠢᠭᠡᠨ ᠬᠣᠷᠣᠮ ᠬᠠᠴᠢᠨ ᠵᠢᠪᠡᠭᠦᠨ ᠠᠶᠤᠮᠰᠢᠭ᠍ᠲᠠᠢ ᠲᠣᠭᠲᠠᠭᠰᠠᠨ ᠢ᠋ᠶ᠋ᠠᠨ ᠪᠤᠷᠤᠭᠤ ᠲᠠᠯ᠎ᠠ ᠤᠷᠤᠭᠤ ᠪᠠᠨ ᠭᠤᠯᠳᠤᠢᠨ ᠣᠢᠴᠢᠯ᠎ᠠ᠃ 《 ᠪᠠᠷᠲᠠᠢ ᠰᠡᠴᠡᠨ ᠬᠠᠷᠪᠤᠴᠢᠬᠠᠯᠠ᠃ ᠰᠠᠷᠠᠨ ᠵᠡᠪᠡ ᠪᠠᠷ ᠯᠠ ᠢᠩᠭᠢᠵᠦ ᠬᠠᠷᠪᠤᠨ᠎ᠠ 》 ᠭᠡᠵᠦ ᠬᠢᠷᠳ᠋ᠬᠢᠨ ᠪᠣᠳᠣᠭᠰᠠᠨ ᠱᠠᠮᠲᠠᠭᠠᠢ ᠣᠳᠣ ᠯᠠ ᠡᠵᠡᠨ ᠢ᠋ᠶ᠋ᠡᠨ ᠬᠠᠮᠠᠭᠠᠯᠠᠬᠤ ᠴᠠᠭ ᠪᠣᠯᠤᠭᠰᠠᠨ ᠢ᠋ ᠤᠬᠠᠭᠠᠷᠠᠵᠤ ᠢᠯᠳᠦ ᠪᠡᠨ ᠰᠤᠭᠤ ᠲᠡᠳᠡᠨ ᠮᠣᠷᠢ ᠪᠠᠨ ᠳᠠᠪᠢᠷᠠᠨ ᠤᠷᠤᠭᠰᠢᠯᠠᠪᠠ᠃ ᠡᠨᠡ ᠬᠣᠭᠣᠷᠣᠨᠳᠣ ᠪᠠᠷᠲᠠᠢ ᠰᠡᠴᠡᠨ ᠬᠡᠳᠦᠢᠨ ᠪᠠᠢᠷᠢ ᠪᠠᠨ ᠰᠣᠯᠢᠵᠤ ᠠᠮᠵᠢᠵᠠᠢ᠃ ᠱᠠᠮᠲᠠᠭᠠᠢ ᠲᠡᠭᠦᠨ ᠦ᠌ ᠳ᠋ᠠᠢ ᠬᠣᠩᠭᠣᠷ ᠮᠣᠷᠢᠨ ᠤ᠋ ᠬᠢᠨᠢ ᠴᠠᠢᠪᠤᠷ ᠰᠡᠭᠦᠯ ᠢ᠋ᠶ᠋ᠡᠷ ᠪᠠᠷᠢᠮᠵᠢᠶᠠᠯᠠᠨ ᠳᠥᠭᠥᠵᠦ ᠣᠴᠢᠲᠠᠯ᠎ᠠ ᠪᠠᠷᠳᠠᠢ ᠰᠠᠨᠠᠭᠠᠨ ᠳ᠋ᠤ᠌ ᠪᠠᠭᠲᠠᠮ᠎ᠠ ᠦᠭᠡᠢ ᠴᠠᠷᠭᠢᠶ᠎ᠠ ᠲᠣᠳᠣ ᠳᠠᠭᠤ ᠪᠠᠷ:
— ᠮᠡᠷᠭᠢᠳ ᠠᠬ᠎ᠠ ᠳᠡᠭᠦᠦ ᠨᠠᠷ ᠠ᠋᠂ ᠳᠠᠭᠠᠷ᠎ᠠ ᠣᠷᠣᠶ᠎ᠠ᠃ ᠭᠤᠷᠪᠠᠳᠠᠬᠢ ᠳᠠᠭᠤ ᠪᠠᠷ ᠦᠬᠦᠯ ᠢᠷᠡᠨ᠎ᠡ᠃ ᠭᠠᠯᠲᠤ ᠦᠬᠦᠯ ᠢᠷᠡᠨ᠎ᠡ ᠭᠡᠵᠦ ᠬᠠᠰᠬᠢᠷᠤᠯ᠎ᠠ᠃
ᠰᠠᠶ᠋ᠢᠬᠠᠨ ᠤᠳᠤᠷᠢᠳᠤᠭᠴᠢ ᠪᠠᠨ ᠠᠯᠳᠠᠭᠠᠳ ᠡᠮᠬᠢ ᠵᠢᠷᠤᠮ ᠢ᠋ᠶ᠋ᠠᠨ ᠲᠣᠭᠲᠠᠭᠠᠵᠤ ᠠᠮᠵᠢᠭ᠍ᠰᠠᠨ ᠦᠭᠡᠢ ᠪᠠᠢᠲᠠᠯ᠎ᠠ ᠴᠡᠷᠢᠭ ᠦ᠋ᠨ ᠭᠣᠣᠯ ᠡᠩᠨᠡᠭᠡᠨ ᠡᠴᠡ ᠴᠦᠢᠯᠡᠨ ᠲᠤᠭᠤᠯᠳᠠᠭᠰᠠᠨ ᠡᠨᠡ ᠤᠷᠢᠶ᠎ᠠ ᠣᠯᠠᠩᠬᠢ ᠶ᠋ᠢ ᠪᠦᠷᠢᠮᠦᠰᠦᠨ ᠪᠠᠯᠠᠮᠠᠭᠳᠠᠭᠤᠯᠪᠠ᠃
《 ᠳᠠᠭᠠᠭᠲᠤᠨ᠂ ᠳᠠᠭᠠᠭᠲᠤᠨ 》 ᠭᠡᠰᠡᠨ ᠰᠢᠷᠭᠠᠭᠤ ᠳᠠᠭᠤᠳᠠᠯᠭ᠎ᠠ ᠴᠥᠬᠥᠷᠡᠯᠲᠡ ᠦᠭᠡᠢ ᠨᠢᠵᠢᠭᠢᠨᠡᠵᠦ᠂ ᠫᠤᠤᠳᠠᠯᠭ᠎ᠠ ᠶ᠋ᠢᠨ ᠬᠣᠭᠣᠷᠣᠨᠳᠣᠬᠢ ᠵᠠᠢ ᠤᠯᠠᠮ ᠣᠢᠷᠠᠲᠤᠭᠰᠠᠨ ᠨᠢ ᠦᠬᠦᠯ ᠦ᠋ᠨ ᠲᠤᠯᠤᠯᠳᠤᠭᠠᠨ ᠡᠬᠢᠯᠡᠬᠦ ᠭᠤᠷᠪᠠᠳᠠᠬᠢ ᠫᠤᠤ ᠶ᠋ᠢᠨ ᠳᠠᠭᠤ ᠶᠠᠭᠤ ᠶᠠᠭᠤ ᠦᠭᠡᠢ ᠨᠦᠷᠭᠢᠯᠡᠬᠦ ᠭᠡᠵᠦ ᠪᠠᠢᠭ᠎ᠠ ᠮᠡᠲᠦ ᠰᠡᠳᠬᠢᠭᠳᠡᠯ ᠲᠥᠷᠥᠨ᠎ᠡ᠃ ᠡᠴᠦᠰ ᠦ᠋ᠨ ᠡᠴᠦᠰ ᠲᠦ᠍ ᠡᠷᠡᠭᠡᠯᠵᠡᠭᠡ᠂ ᠬᠦᠴᠢᠷᠳᠡᠯ ᠢ᠋ ᠠᠷᠠᠢ ᠭᠡᠵᠦ ᠳᠠᠪᠠᠨ ᠲᠤᠭᠤᠯᠤᠭᠰᠠᠨ 《 ᠳᠠᠭᠠᠷ᠎ᠠ ᠣᠷᠣᠶ᠎ᠠ ᠳ᠋ᠠ 》 ᠴᠥᠭᠡᠨ ᠬᠥᠮᠦᠨ ᠦ᠌ ᠰᠣᠨᠣᠰᠤᠭᠳᠠᠯ᠎ᠠ᠃ ᠪᠠᠷᠳᠠᠢ ᠰᠡᠴᠡᠨ ᠴᠢᠷᠠᠢ ᠴᠣᠩᠬᠢᠢᠵᠤ᠂ ᠤᠷᠤᠭᠤᠯ ᠢ᠋ᠶ᠋ᠠᠨ ᠲᠠᠰᠤ ᠵᠢᠮᠢᠢᠴᠢᠬᠡᠭᠰᠡᠨ ᠪᠠᠢᠪᠠ᠃ ᠬᠣᠶᠠᠷ ᠭᠤᠷᠪᠠᠨ ᠬᠣᠷᠣᠮ ᠤ᠋ᠨ ᠳᠠᠷᠠᠭ᠎ᠠ 《 ᠳᠠᠭᠠᠷ᠎ᠠ ᠣᠷᠣᠶ᠎ᠠ 》 ᠭᠡᠰᠡᠨ ᠴᠢᠮᠡᠭᠡ ᠠᠷᠠᠢ ᠬᠦᠴᠦᠲᠡᠢ ᠰᠣᠨᠣᠰᠳᠠᠵᠤ᠂ ᠭᠱᠠᠨ ᠪᠦᠷᠢ ᠳ᠋ᠦ᠍ ᠣᠯᠠᠨ ᠣᠠᠯᠨ ᠢ᠋ ᠳᠠᠭᠠᠭᠤᠯᠵᠤ ᠴᠢᠩᠭᠠᠷᠠᠯ᠎ᠠ᠃ ᠡᠨᠡ ᠰᠠᠨᠠᠭ᠎ᠠ ᠣᠷᠴᠢᠨ ᠤ᠋ ᠪᠢᠲᠡᠭᠦᠯᠢᠭ ᠨᠢᠭᠤᠴᠠᠬᠠᠢ ᠠᠶᠤᠮᠰᠢᠭ᠍ᠲᠤ ᠭᠱᠠᠨ ᠲᠠᠢ ᠳᠠᠪᠬᠤᠴᠠᠵᠤ᠂ ᠵᠠᠢᠯᠠᠰᠢ ᠦᠭᠡᠢ᠂ ᠵᠠᠢᠯᠠᠰᠢ ᠦᠭᠡᠢ ᠭᠡᠰᠡᠨ ᠨᠢᠭᠡᠨ ᠤᠬᠠᠮᠰᠠᠷ ᠥᠭᠡᠳᠡ ᠥᠪᠡᠷ ᠦ᠋ᠨ ᠡᠷᠬᠡ ᠦᠭᠡᠢ ᠲᠠᠲᠠᠬᠤ ᠠᠵᠠᠢ᠃
ᠪᠠᠷᠳᠠᠢ ᠰᠡᠴᠡᠨ ᠮᠣᠷᠢ ᠪᠠᠨ ᠭᠤᠶᠠᠳᠠᠨ ᠤᠬᠤᠰᠬᠢᠵᠦ ᠂ ᠨᠢᠭᠡᠨ ᠵᠠᠭᠤᠲᠤ ᠶ᠋ᠢᠨ ᠨᠣᠶᠠᠨ ᠤ᠋ ᠳᠡᠷᠭᠡᠳᠡ ᠣᠴᠢᠭᠠᠳ᠄
— ᠲᠤᠰᠢᠶᠠᠯ ᠢ᠋ ᠳᠠᠮᠵᠢᠭᠤᠯ ᠃ ᠪᠦᠭᠦᠳᠡ ᠲᠣᠨᠨ ᠢ᠋ᠶ᠋ᠠᠨ ᠬᠠᠶᠠ ! ᠬᠢᠵᠦ ᠵᠠᠩᠳᠤᠷᠤᠯ᠎ᠠ ᠃ ᠵᠠᠭᠤᠲᠤ ᠶ᠋ᠢᠨ ᠨᠣᠶᠠᠨ ᠡᠷᠡᠭᠡᠯᠵᠡᠭᠰᠡᠨ ᠪᠣᠯᠪᠠᠴᠤ ᠲᠡᠷᠡ ᠪᠡᠷ ᠪᠠᠷᠲᠠᠢ ᠰᠡᠴᠡᠨ ᠣᠭᠲᠣ ᠲᠠᠨᠢᠬᠤ ᠦᠭᠡᠢ ᠷᠢᠨ ᠳᠡᠭᠡᠷ᠎ᠡ ᠮᠡᠷᠭᠢᠳ ᠴᠡᠷᠢᠭ ᠦ᠋ᠨ ᠠᠬᠠᠯᠠᠬᠤ ᠲᠤᠰᠢᠶᠠᠯᠲᠠᠨ ᠤ᠋ ᠲᠡᠮᠳᠡᠭ ᠪᠣᠯᠬᠤ ᠲᠤᠭᠤᠯᠠᠭᠠᠨ ᠤ᠋ ᠭᠤᠷᠪᠠᠨ ᠪᠠᠭᠴᠠ ᠰᠣᠨᠣᠪᠲᠤᠷ ᠢ᠋ ᠨᠢ ᠦᠵᠡᠭᠡᠳ ᠠᠷᠭ᠎ᠠ ᠪᠤᠶᠤ ᠲᠤᠰᠢᠶᠠᠯ ᠢ᠋ ᠳᠠᠪᠲᠠᠨ ᠬᠠᠰᠬᠢᠷᠤᠯ᠎ᠠ᠃
ᠪᠠᠷᠲᠠᠢ ᠰᠡᠴᠡᠨ 《 ᠲᠣᠨᠨ ᠢ᠋ᠶ᠋ᠠᠨ ᠬᠡᠪᠲᠡᠭᠦᠯ 》 ᠭᠡᠵᠦ ᠲᠤᠰᠢᠶᠠᠵᠤ ᠪᠣᠯᠬᠤ ᠯᠠ ᠪᠠᠢᠪᠠ ᠃ ᠡᠨᠡ ᠨᠢ ᠡᠷᠢᠮᠦ ᠡᠮᠵᠢᠭ ᠭᠱᠠᠨ ᠳ᠋ᠤ᠌ ᠠᠷᠠᠢ ᠡᠶᠡᠷᠭᠦ ᠰᠣᠨᠣᠰᠤᠭᠳᠠᠵᠤ ᠪᠣᠯᠬᠤ ᠲᠠᠯ᠎ᠠ ᠲᠠᠢ ᠃ ᠭᠡᠪᠡᠴᠦ 《 ᠬᠠᠶᠠ 》 ᠭᠡᠵᠦ ᠲᠤᠰᠢᠶᠠᠬᠤ ᠨᠢ ᠣᠭᠴᠣᠮ ᠲᠠᠰᠤ ᠴᠣᠬᠢᠬᠤ ᠬᠦᠴᠦᠲᠡᠢ ᠦᠭᠡ ᠤᠴᠢᠷ ᠂ ᠦᠷ᠎ᠡ ᠳ᠋ᠦᠩ ᠢ᠋ ᠨᠢ ᠬᠤᠷᠳᠤᠨ ᠦᠵᠡᠬᠦ ᠳ᠋ᠦ᠍ ᠢᠯᠡᠭᠦᠦ ᠨᠥᠯᠥᠭᠡ ᠲᠡᠢ ᠠᠵᠢ ᠃ ᠲᠣᠨᠨ ᠢ᠋ᠶ᠋ᠠᠨ ᠬᠠᠶᠠᠭᠳᠠᠭᠰᠠᠨ ᠢ᠋ ᠦᠵᠡᠭᠰᠡᠨ ᠴᠡᠷᠢᠭ ᠡᠷ᠎ᠡ ᠶ᠋ᠢᠨ ᠰᠡᠳᠬᠢᠯ ᠳ᠋ᠦ᠍ ᠲᠤᠰᠢᠶᠠᠯ ᠠ᠋ᠴᠠ ᠤᠬᠤᠷᠢᠪᠠ ᠭᠡᠬᠦ ᠪᠤᠶᠤ ᠨᠡᠷ᠎ᠡ ᠲᠥᠷᠥ ᠪᠡᠨ ᠠᠯᠳᠠᠪᠠ ᠭᠡᠴᠦ ᠬᠠᠯᠠᠰᠢᠷᠠᠬᠤ ᠲᠥᠷᠥᠯᠬᠢ ᠤᠬᠠᠮᠰᠠᠷ ᠤ᠋ᠨ ᠰᠡᠭᠦᠯᠴᠢ ᠶ᠋ᠢᠨ ᠲᠤᠯᠤᠭᠠᠰᠤ ᠤᠨᠠᠳᠠᠭ ᠶᠤᠮ ᠃ ᠨᠢᠭᠡ ᠬᠥᠮᠦᠨ ᠳ᠋ᠦ᠍ ᠡᠨᠡ ᠲᠤᠰᠢᠶᠠᠯ ᠢᠩᠭᠢᠵᠦ ᠲᠣᠰᠳᠠᠭ ᠪᠣᠯ ᠶᠡᠬᠡ ᠴᠡᠷᠢᠭ ᠦ᠋ᠨ ᠬᠤᠪᠢ ᠳ᠋ᠤ᠌ ᠪᠦᠷ ᠴᠦ᠍ ᠡᠮᠭᠡᠨᠢᠯᠲᠡᠢ ᠪᠣᠯᠤᠨ᠎ᠠ ᠃ ᠠᠩᠭᠢ ᠪᠦᠷᠢ ᠶ᠋ᠢ ᠢᠯᠭᠠᠵᠤ ᠂ ᠡᠮᠦᠨ᠎ᠡ ᠬᠣᠢᠲᠤ ᠶ᠋ᠢ ᠴᠢᠭᠯᠡᠭᠦᠯᠦᠭᠰᠡᠨ ᠤᠬᠤᠷᠢᠬᠤ ᠳᠠᠪᠰᠢᠬᠤ ᠶ᠋ᠢ ᠲᠣᠳᠣᠷᠬᠠᠢᠯᠠᠵᠤ ᠂ ᠬᠥᠮᠦᠨ ᠦ᠌ ᠬᠢ᠂ ᠥᠪᠡᠷ ᠦ᠋ᠨ ᠬᠢ ᠶ᠋ᠢ ᠢᠯᠡᠷᠬᠡᠢᠯᠡᠳᠡᠭ ᠲᠡᠷᠡ ᠣᠯᠠᠨ ᠲᠣᠨᠨ ᠦᠭᠡᠢ ᠪᠡᠷ ᠲᠦᠮᠡ ᠴᠦ᠍ ᠪᠠᠢ᠂ ᠮᠢᠩᠭ᠎ᠠ ᠴᠤ᠌ ᠪᠠᠢ ᠡᠭᠡᠭᠡ ᠯᠡ ᠢᠯᠭᠠᠭ᠎ᠠ ᠦᠭᠡᠢ ᠰᠦᠷᠦᠭ ᠮᠣᠷᠢᠲᠠᠨ ᠂ ᠰᠠᠷᠢᠨ ᠳ᠋ᠠᠭᠠᠨ ᠢᠯᠳᠦ ᠂ ᠰᠠᠭᠠᠳᠠᠭ ᠲᠠᠢ ᠡᠷᠡᠴᠦᠳ ᠲᠡᠳᠦᠢ ᠶᠦ᠍ᠮ᠃ ᠲᠡᠢᠮᠦ ᠮᠢᠩᠭᠠᠨ ᠬᠥᠮᠦᠨ ᠲᠡᠢ ᠪᠠᠢᠯ᠎ᠠ ᠭᠡᠬᠦ ᠳ᠋ᠦ᠍ ᠡᠷᠡᠮᠪᠡ ᠰᠠᠬᠢᠯᠭ᠎ᠠ ᠲᠠᠢ ᠵᠠᠭᠤᠨ ᠴᠡᠷᠢᠭ ᠢ᠋ᠶ᠋ᠡᠷ ᠦᠯᠳᠡᠨ ᠬᠥᠭᠡᠭᠡᠵᠦ ᠪᠣᠯᠤᠨ᠎ᠠ᠃ ᠮᠡᠷᠭᠢᠳ ᠦ᠋ᠨ ᠲᠣᠨᠨ ᠂ ᠬᠢᠭᠢᠷᠢ ᠂ ᠳᠠᠷᠠᠭ᠎ᠠ ᠳᠠᠷᠠᠭ᠎ᠠ ᠪᠠᠷ ᠤᠨᠠᠵᠤ ᠪᠠᠢᠭ᠎ᠠ ᠶ᠋ᠢ ᠪᠠᠷᠲᠠᠢ ᠰᠡᠴᠡᠨ ᠰᠡᠷᠡᠮᠵᠢᠯᠡᠨ ᠬᠠᠷᠠᠵᠤ ᠪᠠᠢᠪᠠ ᠃ ᠡᠨᠡ ᠵᠠᠭᠤᠷ᠎ᠠ ᠱᠠᠮᠳᠠᠭᠠᠢ ᠡᠵᠡᠨ ᠡᠴᠡ ᠪᠡᠨ ᠪᠠᠬᠠᠨ ᠬᠣᠯᠠᠳᠠᠭᠰᠠᠨ ᠴᠤ᠌ ᠥᠭ᠍ᠭᠦᠭ᠍ᠰᠡᠨ ᠡᠭᠦᠷᠭᠡ ᠶ᠋ᠢ ᠨᠢ ᠤᠮᠠᠷᠲᠠᠭᠰᠠᠨ ᠦᠭᠡᠢ ᠃ ᠭᠡᠨᠡᠳᠲᠡ ᠬᠠᠵᠠᠭᠤ ᠪᠠᠷ ᠨᠢ ᠨᠢᠭᠡᠨ ᠮᠣᠷᠢᠲᠠᠨ ᠠᠭᠠᠭ ᠠᠮᠢᠰᠬᠤᠭ᠎ᠠ ᠦᠭᠡᠢ ᠥᠩᠭᠡᠷᠡᠬᠦ ᠳ᠋ᠦ᠍ ᠴᠥᠭᠡᠬᠡᠷᠡᠴᠦ ᠪᠠᠢᠭ᠎ᠠ ᠭᠠᠯᠲᠤ ᠰᠤᠮᠤᠨ ᠤ᠋ ᠭᠡᠷᠡᠯ ᠳ᠋ᠦ᠍ ᠲᠤᠭᠤᠯᠠᠭᠠᠨ ᠤ᠋ ᠨᠢ ᠠᠯᠲᠠᠨ ᠥᠩᠭᠡ ᠭᠢᠯᠪᠠᠰᠬᠢᠵᠦ᠂ ᠱᠠᠮᠳᠠᠭᠠᠢ ᠶ᠋ᠢ ᠴᠣᠴᠢᠭᠠᠪᠠ᠃ 《 ᠠᠪᠵᠠᠢ ᠬᠠᠲᠤᠨ》 ᠭᠡᠵᠦ ᠲᠡᠷᠡ ᠲᠦᠬ᠋ᠰᠢᠨ ᠪᠣᠲᠣᠭᠠᠳ ᠡᠵᠡᠨ ᠨᠢ ᠵᠥᠪᠬᠡᠨ ᠡᠨᠡ ᠬᠥᠮᠦᠨ ᠡᠴᠡ ᠯᠡ ᠰᠡᠷᠡᠮᠵᠢᠯᠡ ᠭᠡᠵᠦ ᠵᠠᠬᠢᠭᠰᠠᠨ ᠊ᠢ ᠰᠠᠨᠠᠯ᠎ᠠ᠃ ᠪᠠᠷᠳᠠᠢ ᠰᠡᠴᠡᠨ ᠲᠤᠭ ᠵᠡᠪᠰᠡᠭ ᠢ᠋ᠶ᠋ᠡᠨ ᠬᠤᠷᠢᠶᠠᠵᠤ ᠴᠡᠷᠢᠭ ᠦ᠋ᠳ ᠠᠵᠢᠭᠯᠠᠨ ᠠᠯᠠᠭᠤᠷ ᠴᠢᠨᠠᠭᠰᠢᠯᠠᠵᠤ ᠪᠠᠶ᠋ᠢᠬᠰᠠᠨ ᠳᠡᠭᠡᠷ᠎ᠡ ᠤᠤᠯᠠ ᠵᠠᠪᠰᠠᠷᠯᠠᠭᠰᠠᠨ ᠦᠭᠡᠢ ᠲᠡᠮᠦᠷ ᠲᠡᠷᠭᠡᠨ ᠡᠴᠡ ᠭᠠᠯ ᠬᠠᠷᠪᠤᠬᠤ ᠨᠢ ᠪᠠᠷᠤᠭ ᠵᠣᠭᠰᠣᠭᠰᠠᠨ ᠲᠤᠯᠠ ᠡᠨᠡ ᠶᠡᠬᠡ ᠦᠢᠮᠡᠭᠡᠨ ᠳᠤᠮᠲᠠᠭᠤᠷ ᠵᠢᠤᠠᠬᠦᠯᠡᠨ ᠳᠠᠪᠬᠢᠵᠤ ᠪᠠᠶ᠋ᠢᠬ᠋᠎ᠠ ᠭᠠᠭᠴᠠ ᠮᠣᠷᠢᠲᠠᠨ ᠊ᠢ ᠴᠡᠷᠢᠭ ᠦ᠋ᠳ ᠦ᠋ᠨ ᠬᠡᠨ ᠨᠢ ᠴᠦ᠍ ᠬᠣᠷᠢᠭᠯᠠᠵᠤ ᠰᠠᠭᠠᠲᠠᠭᠤᠯᠬᠤ ᠶ᠋ᠢ ᠬᠦᠰᠡᠬ᠋ᠰᠡᠨ ᠦᠭᠡᠢ᠃ ᠲᠡᠲᠡᠨ ᠪ ᠬᠤᠪᠢ ᠳ᠋ᠤ᠌ ᠳᠣᠣᠷ᠎ᠠ ᠪᠦᠷᠢ ᠪᠡᠨ ᠰᠠᠨᠠᠭᠠᠰᠢᠷᠠᠨ ᠵᠣᠪᠠᠨᠢᠬᠤ ᠤᠴᠢᠷ ᠰᠢᠯᠲᠠᠭᠠᠨ ᠮᠤᠩᠲᠠᠬᠤ ᠦᠭᠡᠢ ᠪᠠᠶ᠋ᠢᠬᠰᠠᠨ ᠠ᠋ᠴᠠ ᠴᠤ᠌ ᠲᠡᠭᠡᠬ᠋ᠰᠡᠨ ᠪᠠᠶ᠋ᠢᠵᠤ ᠪᠣᠯᠤᠨ᠎ᠠ᠃ ᠠᠪᠵᠠᠢ ᠬᠠᠲᠤᠨ ᠪ ᠴᠢᠭᠢᠷᠠᠭ ᠭᠠᠷ ᠲᠠᠭᠠᠨ ᠤᠨᠵᠢᠭᠤᠯᠤᠰᠬᠢᠨ ᠪᠠᠷᠢᠭᠰᠠᠨ ᠨᠠᠷᠢᠬᠠᠨ ᠮᠢᠰᠢᠷ ᠪᠣᠯᠣᠳ ᠢᠯᠳᠦ ᠶ᠋ᠢᠨ ᠦᠵᠦᠭᠦᠷ ᠬᠡᠨ ᠪ ᠴᠡᠭᠡᠵᠢ ᠤᠷᠤᠭᠤ ᠴᠢᠬᠡᠯᠡᠬᠦ ᠶ᠋ᠢ ᠭᠠᠭᠴᠠᠬᠠᠨ ᠱᠠᠮᠲᠠᠭᠠᠢ ᠯᠠ ᠮᠡᠲᠡᠵᠦ ᠪᠠᠶ᠋ᠢᠯ᠎ᠠ᠃ ᠲᠤᠭᠴᠢ ᠴᠡᠷᠢᠭ ᠪᠤᠭᠤᠶ᠋ᠢᠯᠢ ᠪᠠᠨ ᠠᠪᠴᠤ ᠨᠢᠭᠡᠨᠲᠡ ᠳᠠᠯᠠᠯᠤᠮᠠᠭᠴᠠ ᠰᠢᠳᠡᠵᠦ ᠣᠷᠬᠢᠪᠠ᠃ ᠰᠤᠮᠤᠨ ᠮᠣᠭᠠᠢ ᠮᠡᠲᠦ ᠳᠠᠭᠤᠯᠠᠨ ᠢᠰᠬᠡᠷᠦᠬ᠋ᠰᠡᠨ ᠪᠤᠭᠤᠶ᠋ᠢᠯᠢ ᠨᠢ ᠬᠦᠷᠬᠦ ᠶᠣᠰᠣᠲᠠᠢ ᠭᠠᠵᠠᠷ ᠲᠠᠭᠠᠨ ᠬᠥᠷᠤᠮᠡᠬ᠋ᠴᠡ ᠱᠠᠮᠲᠠᠭᠠᠢ ᠮᠣᠷᠢ ᠪᠠᠨ ᠳᠠᠪᠢᠷᠠᠨ ᠡᠷᠭᠢᠭᠦᠯᠪᠡ᠃ ᠠᠷᠤ ᠳ᠋ᠠᠭᠠᠨ ᠳᠥᠷᠥᠭᠡ ᠭᠥᠯᠢᠮ ᠲᠠᠴᠢᠭᠢᠨᠠᠵᠤ᠂ ᠪᠢᠲᠡᠭᠦᠬᠡᠨ ᠯᠦᠭ ᠭᠡᠬᠦ ᠴᠢᠮᠡᠭᠡ ᠰᠣᠨᠣᠰᠴᠤ᠂ ᠪᠠᠷᠲᠠᠢ ᠰᠡᠴᠡᠨ ᠴᠣᠴᠢᠨ ᠡᠷᠭᠢᠪᠡᠯ ᠴᠡᠭᠡᠵᠢ ᠪᠡᠷ ᠢ᠋ᠶ᠋ᠡᠨ ᠪᠤᠭᠤᠶ᠋ᠢᠯᠢᠲᠠᠭᠤᠯᠤᠭᠰᠠᠨ ᠠᠪᠵᠠᠢ ᠬᠠᠲᠤᠨ ᠡᠮᠡᠭᠡᠯ ᠳᠡᠭᠡᠷ᠎ᠡ ᠡᠴᠡ ᠪᠡᠨ ᠲᠠᠲᠠᠭᠲᠠᠨ ᠢᠯᠳᠦ ᠪᠡᠨ ᠠᠯᠠᠲᠠᠭᠰᠠᠨ ᠪᠣᠯᠪᠠᠴᠤ ᠥᠨᠲᠡᠶ᠋ᠢᠨ ᠰᠠᠭᠤᠭᠠᠳ ᠴᠢᠪᠴᠢᠷᠠᠭᠰᠠᠨ ᠪᠤᠭᠤᠶ᠋ᠢᠯᠢ ᠪᠠᠨ ᠰᠤᠯᠠᠯᠠᠬᠤ ᠭᠡᠵᠦ ᠤᠷᠤᠯᠲᠤᠵᠤ ᠪᠠᠶ᠋ᠢᠪᠠ᠃
— ᠠᠯᠢ ᠪᠣᠢ ᠳᠠᠶ᠋ᠢᠴᠢᠳ ᠠ᠋᠃ ᠡᠨᠡ ᠬᠥᠮᠦᠨ ᠊ᠢ ᠬᠦᠯᠢᠵᠦ ᠣᠷᠭᠢ ᠭᠡᠵᠦ ᠪᠠᠷᠳᠠᠢ ᠰᠡᠴᠡᠨ ᠲᠤᠰᠢᠶᠠᠬᠤ ᠳ᠋ᠤ᠌ ᠭᠠᠶ᠋ᠢᠬᠠᠯᠴᠠᠨ ᠵᠣᠭᠰᠣᠭᠰᠠᠨ ᠬᠡᠲᠤᠨ ᠮᠡᠷᠭᠢᠳ ᠡᠷ᠎ᠡ ᠤᠬᠤᠰᠬᠢᠵᠦ᠂ ᠵᠣᠯ ᠦᠭᠡᠢ ᠬᠠᠲᠤᠨ ᠊ᠢ ᠡᠪᠲᠡᠶ᠋ᠢᠬᠡᠨ ᠪᠣᠭᠣᠭᠠᠳ ᠲᠠᠯᠪᠢᠴᠢᠬᠠᠯ᠎ᠠ᠃
— ᠱᠠᠮᠲᠠᠭᠠᠢ᠂ ᠴᠢ ᠮᠢᠨᠦ ᠠᠮᠢᠨ ᠳ᠋ᠤ᠌ ᠣᠷᠣᠯ᠎ᠠ᠃ ᠣᠳᠣ ᠪᠢᠳᠡ ᠡᠵᠡᠨ᠂ ᠵᠠᠷᠤᠴᠠ ᠪᠤᠰᠤ ᠪᠣᠯᠪᠠ ᠭᠡᠵᠦ ᠪᠠᠷᠲᠠᠢ ᠬᠡᠯᠡᠭᠡᠳ ᠡᠷᠭᠢᠨ ᠲᠣᠭᠣᠷᠢᠨ ᠢ᠋ᠶ᠋ᠠᠨ ᠬᠠᠷᠠᠵᠤ᠂《 ᠴᠢ ᠠᠪᠵᠠᠢ ᠬᠠᠲᠤᠨ ᠊ᠢ ᠬᠠᠮᠠᠭᠠᠯᠠᠨ ᠬᠦᠷᠢᠶᠡᠨ ᠳ᠋ᠦ᠍ ᠠᠪᠠᠴᠢ᠃ ᠤᠲᠠᠬᠤ ᠦᠭᠡᠢ ᠦᠦᠷ ᠴᠠᠶ᠋ᠢᠬᠤ ᠨᠢ᠃ ᠡᠨᠳᠡ ᠴᠦ᠍ ᠠᠵᠢᠯ ᠭᠡᠵᠦ ᠣᠨᠲᠣᠷᠤᠨᠠ ᠳᠠ》 ᠭᠡᠵᠡᠢ᠃
