ᠰᠠᠷᠠᠨ ᠵᠡᠪᠡ – ᠵᠣᠬᠢᠶᠠᠯᠴᠢ ᠂ ᠵᠢᠷᠤᠭᠠᠴᠢ ᠲ ᠂ ᠮᠠᠨᠳᠢᠷ ( ᠲᠡᠦᠬᠡᠨ ᠲᠤᠭᠤᠵᠢ )– 13 ᠳ᠋ᠤᠭᠠᠷ ᠪᠦᠯᠦᠭ Саран зэв – Зохиолч ᠂ Зураач – Т᠂ мандир ( Түүхэн тууж ) – 13 дугаар бүлэг ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷᠠᠨ ᠵᠡᠪᠡ – ᠵᠣᠬᠢᠶᠠᠯᠴᠢ ᠂ ᠵᠢᠷᠤᠭᠠᠴᠢ ᠲ ᠂ ᠮᠠᠨᠳᠢᠷ ( ᠲᠡᠦᠬᠡᠨ ᠲᠤᠭᠤᠵᠢ )– 13 ᠳ᠋ᠤᠭᠠᠷ ᠪᠦᠯᠦᠭ Саран зэв – Зохиолч ᠂ Зураач – Т᠂ мандир ( Түүхэн тууж ) – 13 дугаар бүлэг

ᠰᠠᠷᠠᠨ ᠵᠡᠪᠡ – ᠵᠣᠬᠢᠶᠠᠯᠴᠢ ᠂ ᠵᠢᠷᠤᠭᠠᠴᠢ ᠲ ᠂ ᠮᠠᠨᠳᠢᠷ ( ᠲᠡᠦᠬᠡᠨ ᠲᠤᠭᠤᠵᠢ )– 13 ᠳ᠋ᠤᠭᠠᠷ ᠪᠦᠯᠦᠭ Саран зэв – Зохиолч ᠂ Зураач – Т᠂ мандир ( Түүхэн тууж ) – 13 дугаар бүлэг

ᠠᠩᠭᠢᠯᠠᠯ:ᠲᠡᠦᠬᠡ ᠰᠣᠶᠣᠯ
2023-07-08

262

ᠰᠠᠷᠠᠨ ᠵᠡᠪᠡ – ᠠᠷᠪᠠᠨ ᠭᠤᠷᠪᠠᠳᠤᠭᠠᠷ ᠪᠦᠯᠦᠭ


      ᠦᠨᠡᠬᠡᠷ ᠴᠦ᠍ ᠲᠡᠷᠡ ᠥᠷᠯᠥᠭᠡᠨ ᠦ᠌ ᠬᠤᠪᠢ ᠳ᠋ᠤ᠌ ᠢᠯᠠᠭᠰᠠᠨ᠂ ᠢᠯᠠᠭᠳᠠᠭᠰᠠᠨ ᠬᠡᠨ ᠬᠡᠨ ᠨᠢ ᠲᠡᠷᠡ ᠲᠤᠬᠠᠢ ᠪᠠᠨ ᠡᠷᠭᠢᠴᠡᠭᠦᠯᠬᠦ ᠵᠠᠪ ᠦᠭᠡᠢ ᠬᠥᠳᠡᠯᠴᠡᠭᠡᠯ᠎ᠡ᠃ ᠰᠦᠪᠡᠭᠡᠳᠡᠢ ᠤᠷᠢᠶᠠᠩᠬᠠᠢ  ᠵᠢᠨ ᠳᠥᠷᠪᠡᠨ ᠮᠢᠩᠭᠠᠨ ᠴᠡᠷᠢᠭ ᠢ᠋ ᠠᠪᠴᠤ ᠭᠠᠯ ᠤ᠋ᠨ ᠰᠢᠳᠠᠷ ᠴᠡᠷᠢᠭ ᠦ᠋ᠳ ᠢ᠋ ᠮᠥᠰᠬᠢᠨ ᠲᠸᠷᠯᠢᠺᠦᠨ ᠬᠣᠷᠣᠭ᠎ᠠ ᠤᠷᠤᠭᠤ ᠰᠢᠭᠤᠳ ᠣᠳᠤᠭᠰᠠᠨ ᠤ᠋ ᠳᠠᠷᠠᠭ᠎ᠠ ᠣᠯᠵᠠᠯᠠᠭᠰᠠᠳ ᠢ᠋ ᠴᠡᠭᠴᠡᠯᠡᠨ᠂ ᠬᠤᠷᠢᠶᠠᠭᠰᠠᠨ ᠲᠤᠭ᠂ ᠵᠡᠪᠰᠡᠭ ᠦ᠋ᠨ ᠬᠠᠮᠲᠤ ᠬᠦᠷᠢᠶᠡᠨ ᠳ᠋ᠦ᠍ ᠠᠪᠴᠢᠷᠠᠬᠤ ᠠᠯᠪᠠ ᠶ᠋ᠢ ᠪᠠᠷᠲᠠᠢ ᠰᠡᠴᠡᠨ ᠳᠠᠭᠠᠭᠠᠵᠤ ᠬᠣᠴᠣᠷᠤᠯ᠎ᠠ᠃ ᠦᠦᠷ ᠦ᠋ᠨ ᠦᠨᠡᠭᠡᠨ ᠬᠠᠷᠠᠩᠭᠤᠢ ᠪᠠᠷ ᠥᠪᠡᠷᠰᠡᠳ ᠢ᠋ ᠨᠢ ᠲᠡᠭᠡᠲᠡᠯ᠎ᠡ ᠠᠶᠤᠯᠭᠠᠭᠰᠠᠨ ᠲᠡᠮᠦᠷ ᠲᠡᠷᠭᠡ ᠨᠦ᠍ᠭᠦᠳ ᠢ᠋ ᠭᠠᠵᠠᠷ ᠤ᠋ᠨ ᠨᠠᠮ ᠳ᠋ᠤ᠌ ᠪᠠᠭᠤᠯᠭᠠᠬᠤ ᠳ᠋ᠤ᠌ ᠲᠤᠰᠠᠯᠠᠬᠤ ᠭᠡᠵᠦ ᠡᠨᠡ ᠦᠶ᠎ᠡ ᠳ᠋ᠦ᠍ ᠨᠢᠭᠡᠨᠲᠡ ᠣᠯᠵᠠ ᠶ᠋ᠢᠨ ᠬᠥᠮᠦᠨ ᠪᠣᠯᠤᠭᠰᠠᠨ ᠲᠠᠯᠲᠤ  —  ᠬᠠᠷ᠎ᠠ ᠪᠠᠭᠠᠲᠤᠷ ᠬᠦᠰᠡᠭᠰᠡᠨ ᠪᠣᠯᠪᠠᠴᠤ ᠪᠤᠷᠤᠨᠲᠡᠢ ᠨᠣᠶᠠᠨ ᠣᠳᠣᠬᠠᠨ ᠳ᠋ᠠᠭᠠᠨ ᠮᠡᠷᠭᠢᠳ ᠦ᠋ᠳ ᠲᠦ᠍ ᠡᠢᠮᠦ ᠢᠲᠡᠭᠡᠯ ᠬᠦᠯᠢᠶᠡᠯᠭᠡᠬᠦ ᠪᠣᠯᠤᠭᠰᠠᠨ ᠦᠭᠡᠢ ᠭᠡᠵᠦ ᠦᠵᠡᠭᠰᠡᠨ ᠪᠠᠢᠵᠠᠢ᠃ 
      ᠨᠠᠷᠠ ᠴᠤᠬᠤᠢᠬᠤ ᠦᠶ᠎ᠡ ᠳ᠋ᠦ᠍ ᠴᠤᠪᠤᠭ᠎ᠠ ᠰᠠᠶᠢ ᠵᠢᠬᠲᠡᠷᠡᠵᠤ ᠮᠠᠨᠠᠨ ᠳ᠋ᠤ᠌ ᠤᠮᠪᠠᠭᠰᠠᠨ ᠱᠣᠪᠬᠣ ᠴᠢᠯᠠᠭᠤᠨ ᠠᠭᠤᠯᠠᠰ ᠤ᠋ᠨ ᠬᠣᠷᠮᠣᠢ ᠶ᠋ᠢ ᠲᠠᠭᠠᠨ ᠬᠥᠳᠡᠯᠪᠡ ᠃ ᠪᠠᠷᠳᠠᠢ ᠰᠡᠴᠡᠨ᠂ ᠳᠠᠪᠠᠭ ᠬᠣᠶᠠᠷ ᠭᠠᠵᠠᠷ ᠬᠡᠮᠵᠢᠵᠦ᠂ ᠮᠡᠷᠭᠢᠳ ᠨᠠᠷ ᠲᠤ᠌ ᠪᠠᠭᠤᠳᠠᠯ ᠵᠢᠭᠠᠵᠤ ᠦᠭᠭᠦᠭᠡᠳ᠂ ᠰᠡᠷᠡᠮᠵᠢᠯᠡᠬᠦ ᠪᠠᠭ᠎ᠠ ᠰᠠᠭ᠎ᠠ ᠬᠠᠮᠠᠭᠠᠯᠠᠯᠲᠠ ᠶ᠋ᠢ ᠭᠦᠢᠴᠡᠭᠡᠭᠰᠡᠨ ᠦ᠌ ᠳᠠᠷᠠᠭ᠎ᠠ ᠲᠡᠳᠡᠨ ᠳ᠋ᠦ᠍ ᠠᠮᠢ ᠵᠠᠭᠤᠯᠭ᠎ᠠ ᠡᠷᠬᠢᠯᠡᠬᠦ ᠴᠠᠭ ᠢ᠋ ᠨᠢ ᠭᠠᠷᠭᠠᠵᠤ ᠥᠭᠬᠦᠯ᠎ᠡ᠃ ᠣᠷᠣᠢ ᠪᠣᠯᠬᠤ ᠶ᠋ᠢᠨ ᠬᠢᠷᠢ ᠳ᠋ᠦ᠍ ᠠᠷᠭᠠᠴᠢ ᠢᠷᠡᠭᠡᠳ 《 ᠲᠸᠷᠯᠢᠺᠦᠨ ᠬᠣᠷᠣᠭ᠎ᠠ ᠶ᠋ᠢ ᠨᠢᠭᠡᠨᠲᠡ ᠡᠵᠡᠯᠡᠭᠰᠡᠨ ᠃ ᠬᠣᠳᠣ ᠂ ᠴᠢᠯᠠᠭᠤᠨ ᠨᠠᠷ ᠴᠥᠭᠡᠨ ᠤᠷᠤᠭ ᠰᠠᠳᠤᠨ ᠢ᠋ᠶ᠋ᠠᠨ ᠠᠪᠴᠤ ᠬᠢᠪᠴᠠᠭ ᠤ᠋ᠨ ᠵᠦᠭ ᠤᠷᠭᠤᠭᠰᠠᠨ᠃ ᠮᠡᠷᠭᠢᠳ ᠦ᠋ᠨ ᠠᠷᠤ ᠭᠡᠷ᠂ ᠣᠲᠣᠭ ᠬᠦᠷᠢᠶ᠎ᠡ ᠶ᠋ᠢ ᠲᠡᠨᠳᠡ ᠡᠴᠡ ᠰᠢᠭᠤᠳ ᠪᠠᠯᠠᠭᠰᠢ ᠨᠠᠭᠤᠷ ᠤ᠋ᠨ ᠵᠦᠭ ᠠᠶᠠᠯᠠᠭᠤᠯᠬᠤ ᠪᠣᠯᠤᠭᠰᠠᠨ᠃ ᠲᠡᠷᠡ ᠴᠤᠪᠤᠭ᠎ᠠ ᠶ᠋ᠢ ᠤᠷᠢᠶᠠᠩᠬᠠᠢ ᠶ᠋ᠢᠨ ᠮᠢᠩᠭᠠᠲᠤ ᠨᠤᠭᠤᠳ ᠠᠪᠴᠤ ᠣᠳᠤᠨ᠎ᠠ 》 ᠭᠡᠳᠡᠭ ᠢ᠋ ᠳᠣᠭᠣᠯᠭᠠᠪᠠ ᠃ 
      ᠠᠷᠭᠠᠴᠢ᠂ ᠪᠠᠷᠲᠠᠢ ᠰᠡᠴᠡᠨ ᠢ᠋ ᠰᠡᠵᠢᠭᠯᠡᠩᠭᠦᠢ ᠬᠠᠷᠠᠵᠤ ᠄ 
      – ᠤᠭ ᠨᠢ ᠡᠨᠡ ᠪᠦᠬᠦ ᠲᠤᠰᠢᠶᠠᠯ ᠢ᠋ ᠪᠢ ᠤᠯᠠᠮᠵᠢᠯᠠᠬᠤ ᠤᠤ᠂ ᠪᠠᠢᠬᠤ ᠤᠤ ᠭᠡᠵᠦ ᠪᠣᠳᠣᠭᠰᠠᠨ ᠪᠢᠯᠡ᠃ ᠴᠢᠮᠠᠶ᠋ᠢ ᠤᠷᠭᠤᠵᠤ ᠶᠠᠪᠤᠭᠰᠠᠨ ᠠ᠋ᠴᠠ ᠬᠣᠢᠰᠢ ᠪᠢ ᠵᠡᠭᠦᠦ ᠳᠡᠭᠡᠷ᠎ᠡ ᠰᠠᠭᠤᠭᠰᠠᠨ ᠰᠢᠭ᠋ ᠪᠠᠢᠵᠤ᠂ ᠲᠡᠷᠡ ᠨᠢᠭᠡᠨ ᠡᠳᠦᠷ ᠳᠠᠷᠠᠰᠤ ᠶ᠋ᠢ ᠴᠢᠨᠢ ᠬᠦᠷᠲᠡᠭᠰᠡᠨ ᠳ᠋ᠡᠭᠡᠨ ᠮᠥᠨ ᠴᠦ᠍ ᠶᠡᠬᠡ ᠬᠠᠷᠠᠮᠰᠠᠭᠰᠠᠨ ᠳᠠ ᠭᠡᠪᠡᠯ ᠪᠠᠷᠳᠠᠢ ᠥᠭᠡᠳᠡ ᠡᠴᠡ ᠨᠢ ᠮᠥᠨ ᠨᠤᠬᠤᠴᠢᠲᠡᠢ ᠬᠠᠷᠠᠴᠠ ᠵᠥᠷᠢᠭᠦᠯᠵᠦ ᠄
      – ᠡᠵᠡᠨ ᠢᠶᠡᠨ ᠮᠠᠭᠤᠯᠠᠬᠤ ᠭᠡᠳᠡᠭ ᠨᠠᠳᠠ ᠳ᠋ᠤ᠌ ᠶᠠᠮᠠᠷ ᠣᠯᠢᠭ ᠪᠠᠢᠬᠤ ᠪᠣᠢ ? ᠭᠡᠪᠡᠴᠦ ᠴᠢᠮᠠᠶ᠋ᠢ ᠨᠠᠳᠠ ᠳ᠋ᠤ᠌ ᠲᠠᠯ᠎ᠠ ᠲᠠᠢ ᠦᠭᠡ ᠬᠡᠯᠡᠬᠦ ᠪᠣᠢ ᠭᠡᠵᠦ ᠢᠯᠡᠭᠦᠦ ᠶᠡᠬᠡ ᠠᠶᠤᠵᠤ ᠪᠠᠢᠭᠰᠠᠨ ᠶᠤᠮ ᠰᠢᠦ ᠭᠡᠵᠦ ᠬᠠᠷᠢᠭᠤᠯᠪᠠ ᠃ ᠬᠣᠶᠠᠷ ᠳᠠᠢᠴᠢᠨ ᠡᠷ᠎ᠡ ᠲᠣᠯᠣᠭᠠᠢ ᠰᠡᠭᠰᠦᠷᠦᠨ ᠮᠤᠰᠢᠯᠵᠠᠭᠠᠳ᠂ ᠰᠠᠯᠬᠤ ᠶ᠋ᠢᠨ ᠡᠮᠦᠨ᠎ᠡ ᠪᠠᠷᠳᠠᠢ ᠰᠡᠴᠡᠨ᠄
      –  ᠬᠦᠴᠦᠯᠦᠭ ᠦ᠋ᠨ ᠬᠠᠲᠤᠨ ᠢ᠋ ᠬᠡᠷᠬᠢᠬᠦ ᠲᠤᠬᠠᠢ ᠡᠵᠡᠨ ᠶᠠᠭᠤᠮ᠎ᠠ ᠬᠡᠯᠡᠪᠡ ᠦᠦ ᠭᠡᠵᠦ ᠠᠰᠠᠭᠤᠯ᠎ᠠ᠃ 
      –  ᠪᠠᠭᠠᠲᠤᠷ ᠮᠠᠷᠭᠠᠰᠢ ᠥᠷᠯᠥᠭᠡ ᠢᠷᠡᠨ᠎ᠡ᠃ ᠲᠡᠷᠡ ᠴᠠᠭ ᠲᠤ᠌ ᠥᠪᠡᠷ ᠢ᠋ᠶ᠋ᠡᠷ ᠲᠣᠭᠲᠠᠭᠠᠨ ᠰᠡᠢᠳᠬᠦ ᠪᠣᠢ ᠵᠧ᠃ ᠡᠨᠡ ᠬᠣᠭᠣᠷᠣᠨᠳᠣ ᠲᠡᠭᠦᠨ ᠢ᠋ ᠳᠣᠬᠠᠯᠳᠠᠭᠤᠯᠬᠤ ᠦᠭᠡᠢ ᠪᠠᠢᠯᠭᠠᠪᠠᠯ ᠪᠠᠷᠠᠪᠠ ᠭᠡᠵᠦ ᠠᠷᠭᠠᠴᠢ ᠲᠣᠭᠣᠮᠰᠠᠷ ᠦᠭᠡᠢ ᠬᠠᠷᠢᠭᠤᠯᠵᠠᠢ᠃ 
      ᠬᠠᠷᠢᠨ ᠱᠠᠮᠳᠠᠭᠠᠢ᠂ ᠪᠠᠷᠲᠠᠢ ᠰᠡᠴᠡᠨ ᠬᠣᠶᠠᠷ ᠤ᠋ᠨ ᠠᠭᠤᠯᠵᠠᠯᠲᠠ ᠠᠷᠠᠢ ᠬᠦᠨᠳᠦ ᠪᠠᠢᠯ᠎ᠠ᠃  ᠱᠠᠮᠳᠠᠭᠠᠢ ᠬᠦᠷᠢᠶᠡᠨ ᠳ᠋ᠦ᠍ ᠲᠡᠷᠢᠭᠦᠯᠡᠵᠦ ᠢᠷᠡᠭᠡᠳ ᠲᠡᠪᠡᠭ ᠦ᠋ᠨ ᠭᠠᠷ ᠲᠤ᠌ ᠠᠪᠵᠠᠢ ᠬᠠᠲᠤᠨ ᠢ᠋ ᠲᠤᠰᠢᠶᠠᠭᠰᠠᠨ ᠤ᠋ ᠳᠠᠷᠠᠭ᠎ᠠ ᠴᠢᠯᠥᠭᠡᠲᠡᠢ ᠪᠣᠯᠤᠭᠰᠠᠨ ᠴᠤ᠌ ᠡᠢᠰᠢ ᠲᠠᠢᠰᠢ ᠬᠥᠲᠡᠯᠦᠭᠰᠡᠨ ᠦᠭᠡᠢ᠃  ᠥᠮ᠎ᠡ ᠴᠡᠷᠢᠭ ᠦ᠋ᠳ ᠰᠦᠪᠡᠭᠡᠳᠠᠢ ᠶ᠋ᠢ  ᠲᠠᠭᠠᠨ ᠲᠸᠷᠯᠢᠺᠣᠠ ᠥᠭᠡᠳᠡ ᠣᠳᠤᠭᠰᠠᠨ ᠪᠣᠯᠬᠤ ᠪᠠᠷ ᠬᠦᠷᠢᠶᠡᠨ ᠳ᠋ᠦ᠍ ᠬᠡᠯᠡᠯᠴᠡᠬᠦ ᠬᠥᠮᠦᠨ ᠴᠦ᠍ ᠪᠠᠢᠭᠰᠠᠨ ᠦᠭᠡᠢ᠂ ᠳᠡᠮᠡᠢ ᠯᠡ ᠬᠠᠭᠤᠴᠢᠨ ᠭᠠᠯ ᠤ᠋ᠨ ᠢᠶᠡᠨ ᠳᠡᠷᠭᠡᠳᠡ ᠰᠠᠭᠤᠵᠤ ᠪᠣᠳᠣᠯᠭᠠᠰᠢᠷᠠᠪᠠ᠃ ᠳᠥᠷᠪᠡᠨ ᠡᠳᠦᠷ ᠦ᠋ᠨ ᠨᠦᠰᠡᠷ ᠴᠢᠷᠦᠬᠳᠡᠯ ᠦ᠋ᠨ ᠳᠠᠷᠠᠭ᠎ᠠ ᠪᠦᠬᠦ ᠶᠠᠭᠤᠮ᠎ᠠ ᠰᠠᠢᠨ ᠢ᠋ᠶ᠋ᠠᠷ ᠳᠠᠭᠤᠰᠤᠭᠰᠠᠨ ᠪᠣᠯᠪᠠᠴᠤ ᠰᠡᠳᠬᠢᠯ ᠨᠢ ᠲᠠᠢᠪᠤᠩ ᠪᠤᠰᠤ᠂ ᠬᠡᠨ ᠨᠢᠭᠡᠨ ᠳ᠋ᠦ᠍ ᠬᠠᠭᠤᠷᠲᠠᠭᠰᠠᠨ ᠮᠡᠲᠦ ᠭᠣᠣᠯ ᠨᠢ ᠭᠣᠷᠣᠢᠨ ᠡᠮᠵᠡᠭᠯᠡᠬᠦ ᠠᠵᠤᠭᠤ᠃ ᠮᠡᠷᠭᠢᠳ ᠦ᠋ᠨ ᠣᠯᠵᠠᠯᠠᠭᠰᠠᠳ ᠢᠷᠡᠬᠦ ᠳ᠋ᠦ᠍ ᠲᠡᠷᠡ ᠪᠠᠷᠲᠠᠢ ᠰᠡᠴᠡᠨ ᠤ ᠪᠡᠶ᠎ᠡ ᠶ᠋ᠢ ᠬᠠᠷᠠᠯ᠎ᠠ᠃ ᠮᠡᠷᠭᠢᠳ ᠡᠷ᠎ᠡ ᠶ᠋ᠢᠨ ᠰᠢᠷᠬ᠎ᠠ ᠠᠨᠠᠭᠰᠠᠨ ᠶᠤᠮ ᠤᠤ᠂ ᠡᠰᠡᠪᠡᠯ ᠢᠯᠠᠯᠲᠠ ᠶ᠋ᠢᠨ ᠢᠶᠠᠨ ᠪᠠᠶᠠᠷ ᠪᠠᠬᠠᠷᠬᠠᠯ ᠳ᠋ᠤ᠌ ᠡᠪᠡᠳᠴᠢᠨ ᠢᠶᠠᠨ ᠠᠩᠵᠠᠭᠠᠷᠠᠬᠤ ᠪᠠᠨ ᠪᠣᠯᠢᠭ᠎ᠠ ᠤᠤ᠂ ᠡᠳᠦᠷ ᠦ᠋ᠨ ᠲᠤᠷᠰᠢ ᠨᠠᠭᠠᠰᠢ ᠴᠠᠭᠠᠱᠢ ᠳᠠᠪᠬᠢᠨ ᠬᠣᠶᠠᠷ ᠬᠦᠷᠢᠶᠡᠨ ᠦ᠌ ᠬᠣᠭᠣᠷᠣᠨᠳᠣᠬᠢ ᠲᠦᠮᠡᠨ ᠡᠬᠢᠲᠦ ᠠᠵᠢᠯ ᠢ᠋ ᠠᠮᠵᠢᠭᠤᠯᠬᠤ ᠳ᠋ᠠᠭᠠᠨ ᠶᠡᠷᠦ ᠠᠯᠵᠢᠶᠠᠵᠤ ᠴᠥᠬᠥᠭᠰᠡᠨ ᠶᠠᠩᠵᠤ ᠦᠭᠡᠢ ᠪᠠᠢᠪᠠ᠃ ᠲᠡᠭᠦᠨ ᠦ᠌ ᠡᠨᠡ ᠲᠥᠷᠬᠦ ᠪᠠᠢᠳᠠᠯ ᠱᠠᠮᠳᠠᠭᠠᠢ ᠶᠢᠨ ᠠᠩᠬᠠᠨ ᠤ᠋ ᠪᠣᠳᠣᠯ ᠬᠢᠭᠡᠳ ᠰᠦᠪᠡᠭᠡᠳᠠᠢ ᠪᠠᠭᠠᠲᠤᠷ ᠠ᠋ᠴᠠ ᠠᠪᠴᠤ ᠪᠠᠢᠭᠰᠠᠨ ᠡᠷᠬᠢᠮ ᠨᠢᠭᠤᠴᠠ ᠵᠠᠬᠢᠶ᠎ᠠ ᠳᠠᠭᠠᠭᠠᠯᠭᠠᠪᠤᠷᠢ ᠲᠠᠢ ᠳ᠋ᠦᠢᠬᠦ ᠶᠠᠭᠤᠮ᠎ᠠ ᠳᠠᠩᠴᠤ ᠦᠭᠡᠢ ᠲᠤᠯᠠ ᠲᠤᠭᠴᠢ ᠡᠷ᠎ᠡ ᠥᠪᠡᠷ ᠦ᠋ᠨ ᠢᠶᠠᠨ ᠲᠤᠬᠠᠢ ᠠᠷᠭ᠎ᠠ ᠦᠭᠡᠢ ᠡᠷᠭᠢᠴᠡᠭᠦᠯᠦᠨ ᠪᠣᠳᠣᠬᠤ ᠳ᠋ᠤ᠌ ᠬᠦᠷᠴᠡᠢ᠃ ᠥᠪᠡᠷ ᠲᠡᠭᠡᠨ ᠠᠷᠠᠢ ᠴᠤ᠌ ᠬᠠᠲᠠᠭᠤ ᠰᠢᠷᠦᠭᠦᠨ ᠬᠠᠨᠳᠤᠭᠰᠠᠨ ᠪᠠᠢᠵᠦ ᠮᠠᠭᠠᠳ ᠦᠭᠡᠢ᠂ ᠶᠠᠭᠤᠨ ᠭᠡᠪᠡᠯ ᠪᠠᠷᠲᠠᠢ ᠰᠡᠴᠡᠨ ᠢ᠋ ᠣᠷᠣᠵᠤ ᠢᠷᠡᠬᠦ ᠳ᠋ᠦ᠍ ᠱᠠᠮᠳᠠᠭᠠᠢ ᠶᠢᠨ ᠴᠢᠷᠠᠢ ᠲᠤᠩ ᠲᠠᠭᠠᠷᠠᠤ ᠪᠠᠢᠯ᠎ᠠ᠃ ᠵᠠᠯᠠᠭᠤ ᠴᠡᠷᠢᠭ ᠦ᠋ᠨ ᠰᠡᠳᠬᠢᠯ ᠳ᠋ᠦ᠍ ᠶᠠᠭᠤ ᠡᠷᠭᠢᠯᠳᠦᠵᠦ ᠪᠠᠢᠭ᠎ᠠ ᠶ᠋ᠢ ᠭᠠᠳᠠᠷᠯᠠᠭᠰᠠᠨ ᠪᠠᠷᠳᠠᠢ ᠰᠡᠴᠡᠨ ᠬᠢᠨᠠᠭᠤᠷ ᠪᠠᠢᠵᠤ᠂ ᠡᠬᠢᠯᠡᠭᠡᠳ ᠶᠠᠭᠤᠨ ᠤ᠋ ᠡᠮᠦᠨ᠎ᠡ ᠨᠠᠰᠤᠨ ᠤ᠋ ᠠᠬ᠎ᠠ᠂ ᠵᠡᠷᠭᠡ ᠳᠠᠪ ᠤ᠋ᠨ ᠢᠶᠠᠨ ᠢᠯᠡᠭᠦᠦ ᠶ᠋ᠢ ᠠᠰᠢᠭᠯᠠᠭᠰᠠᠨ ᠨᠢ ᠳᠡᠭᠡᠷ᠎ᠡ ᠭᠡᠵᠦ ᠪᠣᠳᠣᠯ᠎ᠠ᠃ 
      – ᠱᠠᠮᠲᠠᠭᠠᠢ ᠪᠣᠰ ᠃ ᠪᠢ ᠠᠰᠠᠷ ᠲᠠᠭᠠᠨ ᠣᠷᠣᠢ ᠶ᠋ᠢᠨ ᠬᠣᠭᠣᠯᠠ ᠪᠡᠯᠡᠳᠬᠡᠭᠦᠯᠦᠭᠰᠡᠨ᠃ ᠦᠮ᠎ᠡ ᠴᠡᠷᠢᠭ ᠦ᠋ᠨ ᠬᠢᠨ ᠥᠨᠥᠳᠥᠷ ᠢᠷᠡᠬᠦ ᠦᠭᠡᠢ᠃ ᠡᠨᠳᠡ  ᠤᠢᠳᠴᠤ ᠰᠠᠭᠤᠬᠤ ᠪᠠᠷ ᠨᠠᠳᠠ ᠲᠠᠢ ᠨᠢᠭᠡᠨ ᠣᠷᠣᠢ ᠶ᠋ᠢ ᠥᠩᠭᠡᠷᠡᠭᠡ ᠭᠡᠵᠦ ᠲᠡᠷᠡ ᠲᠤᠰᠢᠶᠠᠬᠤ ᠠᠶᠠᠰ ᠢ᠋ᠶ᠋ᠠᠷ ᠥᠭᠦᠯᠡᠪᠡ᠃ 
      ᠱᠠᠮᠲᠠᠭᠠᠢ ᠳᠤᠷᠠᠮᠵᠢᠬᠠᠨ ᠥᠨᠳᠡᠢᠯ᠎ᠡ ᠃ 
      ᠰᠡᠳᠬᠢᠯ ᠳ᠋ᠦ᠍ ᠬᠥᠨᠳᠡᠭᠦᠷ ᠡᠨᠡ ᠬᠡᠳᠦᠨ ᠡᠳᠦᠷ ᠦ᠋ᠨ ᠰᠡᠭᠦᠯ ᠢ᠋ ᠮᠤᠰᠬᠢᠭᠰᠠᠨ ᠣᠷᠣᠢ ᠶ᠋ᠢᠨ ᠵᠣᠭᠣᠭ ᠬᠡᠨ ᠬᠡᠨ ᠦ᠌ ᠬᠢᠨᠢ ᠰᠡᠳᠬᠢᠯ ᠢ᠋ ᠶᠠᠯᠢ ᠦᠭᠡᠢ ᠠᠭᠤᠵᠢᠷᠠᠭᠤᠯᠤᠯ᠎ᠠ ᠃ 
      ᠪᠠᠷᠳᠠᠢ ᠰᠠᠴᠡᠨ ᠲᠤᠭᠴᠢ ᠶ᠋ᠢᠨ ᠪᠣᠳᠣᠯᠭᠠᠰᠢᠷᠠᠭᠰᠠᠨ ᠬᠡᠦᠬᠡᠳᠷᠡᠦ ᠴᠢᠷᠠᠢ ᠶ᠋ᠢ ᠥᠷᠥᠪᠳᠦᠭᠰᠡᠨ ᠰᠢᠨᠵᠢ ᠲᠡᠢ ᠬᠠᠷᠠᠭᠰᠠᠨ ᠢ᠋ᠶ᠋ᠠᠨ ᠠᠶᠠᠨ ᠤ᠋ ᠪᠠᠨ ᠪᠣᠭᠴᠣ ᠶ᠋ᠢ ᠠᠭᠤᠳᠠᠯᠤᠨ ᠤᠷᠲᠤ ᠬᠦᠵᠦᠭᠦᠦ ᠲᠡᠢ ᠭᠢᠯᠠᠯᠵᠠᠭᠰᠠᠨ ᠸᠠᠭᠠᠷ ᠢ᠋ ᠰᠤᠭᠤᠯᠵᠤ ᠂ ᠤᠢᠰᠤᠨ ᠪᠦᠭᠯᠡᠬᠡ ᠶ᠋ᠢ ᠨᠢ ᠮᠤᠯᠲᠤᠯᠤᠭᠠᠳ ᠄
      – ᠡᠨᠡ ᠪᠣᠯ ᠰᠥᠪᠡᠭᠡᠲᠡᠢ ᠪᠠᠭᠠᠲᠤᠷ ᠤ᠋ᠨ ᠬᠡᠳᠦ ᠬᠣᠨᠣᠭ ᠬᠦᠴᠦ ᠲᠠᠯᠪᠢᠵᠤ ᠴᠤᠭᠯᠠᠭᠤᠯᠤᠭᠰᠠᠨ ᠳᠡᠷᠡᠰᠦᠨ ᠦ᠌ ᠲᠡᠭᠡᠵᠡᠢ᠃ ᠦᠵᠦᠮ ᠦ᠋ᠨ ᠳᠠᠷᠠᠰᠤ ᠭᠡᠭᠴᠢ ᠤᠭ ᠴᠢᠨᠠᠷ ᠨᠢ ᠰᠣᠭᠲᠣᠬᠤ ᠳ᠋ᠠᠭᠠᠨ ᠪᠤᠰᠤ ᠣᠢᠰᠤᠭᠰᠠᠨ ᠰᠡᠳᠬᠢᠯ ᠢ᠋ ᠨᠠᠢᠢᠷᠠᠰᠢᠭᠤᠯᠬᠤ ᠳ᠋ᠠᠭᠠᠨ ᠪᠠᠢᠳᠠᠭ ᠶᠤᠮ᠃ ᠲᠡᠢᠮᠦ ᠤᠴᠢᠷ ᠠ᠋ᠴᠠ ᠳᠡᠭᠦᠦ ᠮᠢᠨᠢ ᠴᠢᠮ᠎ᠠ ᠲᠠᠢ ᠬᠡᠳᠦᠨ ᠴᠣᠮᠣ ᠰᠤᠭᠤᠯᠬᠤ ᠶ᠋ᠢ ᠪᠢ ᠥᠪᠡᠷᠲᠡᠭᠡᠨ ᠵᠥᠪᠰᠢᠶᠡᠷᠡᠯ᠎ᠡ ᠭᠡᠳ ᠱᠠᠮᠲᠠᠭᠠᠢ ᠠ᠋ᠴᠠ ᠬᠠᠷᠢᠭᠤ ᠬᠦᠯᠢᠶᠡᠭᠰᠡᠨ ᠴᠦ᠍ ᠦᠭᠡᠢ ᠂ ᠦᠨᠳᠦᠰᠦᠨ ᠲᠠᠭᠰᠠ ᠪᠠᠷ ᠮᠡᠯᠲᠡᠯᠵᠡᠭᠦᠯᠦᠨ ᠬᠢᠵᠦ ᠥᠭᠪᠡ ᠃ ᠰᠦᠪᠡᠭᠡᠲᠡᠢ ᠪᠠᠭᠠᠲᠤᠷ ᠤ᠋ᠨ ᠨᠡᠷ᠎ᠡ ᠶ᠋ᠢ ᠰᠣᠨᠣᠰᠤᠭᠠᠳ ᠱᠠᠮᠲᠠᠭᠠᠢ ᠶ᠋ᠢᠨ ᠰᠡᠳᠬᠢᠯ ᠠᠭᠢᠭᠠᠳ ᠡᠪᠳᠡᠷᠡᠵᠦ ᠂ ᠮᠡᠷᠭᠢᠳ ᠡᠷ᠎ᠡ ᠶ᠋ᠢᠨ ᠵᠦᠭ ᠥᠴᠦᠬᠡᠨ ᠶᠣᠰᠣᠯᠠᠭᠠᠳ ᠳᠠᠷᠡᠰᠤ ᠶ᠋ᠢ ᠳᠠᠭᠤᠰᠲᠠᠯ᠎ᠠ ᠤᠤᠭᠤᠴᠢᠬᠠᠯ᠎ᠠ ᠃ 
      – ᠠᠮᠢᠳᠤ ᠶᠠᠪᠤᠬᠤ ᠰᠠᠢᠬᠠᠨ ᠭᠡᠵᠦ ᠪᠠᠷᠳᠠᠢ ᠰᠡᠴᠡᠨ ᠤᠷᠲᠤ ᠪᠠᠷ ᠰᠡᠭᠦᠷᠡᠰᠦ ᠠᠯᠲᠠᠨ ᠬᠡᠯᠡᠭᠰᠡᠨ ᠢ᠋ᠶ᠋ᠡᠨ᠄
      – ᠭᠡᠪᠡᠴᠦ ᠪᠢᠳᠡ ᠠᠮᠢᠳᠤᠷᠠᠬᠤ ᠶ᠋ᠢᠨ ᠲᠤᠯᠠᠳᠠ ᠥᠪᠡᠷ ᠢ᠋ ᠪᠡᠨ ᠡᠳᠦᠷ ᠡᠴᠡ ᠡᠳᠦᠷ ᠲᠦ᠍ ᠬᠤᠷᠴᠠᠯᠠᠨ ᠡᠯᠡᠭᠡᠵᠦ ᠪᠠᠢᠳᠠᠭ ᠢ᠋ ᠰᠠᠨᠠᠬᠤ ᠬᠡᠷᠡᠭᠲᠡᠢ ᠃ ᠠᠮᠢᠳᠤᠷᠠᠯ ᠭᠡᠳᠡᠭ ᠮᠢᠨᠢ ᠤᠷᠲᠤᠭᠠᠰᠢ ᠪᠠᠨ ᠴᠠᠭ ᠬᠤᠭᠤᠴᠠᠭ᠎ᠠ ᠪᠠᠷ ᠂ ᠥᠷᠭᠡᠭᠡᠰᠢ ᠪᠡᠨ ᠪᠣᠯ ᠵᠢᠳᠬᠦᠯ ᠲᠡᠮᠡᠴᠡᠯ ᠂ ᠲᠥᠯᠥᠭᠡᠰᠦ ᠪᠡᠷ ᠬᠡᠮᠵᠢᠭᠳᠡᠳᠡᠭ ᠶᠦᠮ ᠰᠢᠦ ᠃ ᠴᠠᠭ ᠬᠣᠭᠣᠭᠠᠭ᠎ᠠ ᠵᠠᠪᠠᠯ ᠥᠷᠢ ᠲᠥᠯᠥᠭᠡᠰᠦ ᠨᠢ ᠱᠠᠭᠠᠷᠳᠠᠨ᠎ᠠ ᠃ ᠥᠷᠢ ᠲᠥᠯᠥᠭᠡᠰᠦ ᠪᠤᠶᠤ ᠵᠢᠳᠬᠦᠯ ᠲᠡᠮᠡᠴᠡᠯ ᠪᠠᠭᠠᠰᠠᠬᠤ ᠲᠣᠰᠤᠮ ᠠᠮᠢᠳᠤᠷᠠᠯ ᠲᠡᠳᠦᠢ ᠴᠢᠨᠡᠭᠡ ᠦᠨ᠎ᠡ ᠬᠦᠨᠳᠦ ᠦᠭᠡᠢ ᠪᠣᠯᠵᠤ ᠂ ᠵᠥᠪᠬᠡᠨ ᠴᠠᠭ ᠬᠤᠭᠤᠴᠠᠭ᠎ᠠ ᠪᠠᠷ ᠯᠠ ᠬᠡᠮᠵᠢᠭᠳᠡᠬᠦ ᠥᠴᠦᠬᠡᠨ ᠣᠢᠯᠠᠭᠠᠯᠲᠠ ᠪᠣᠯᠳᠠᠭ ᠶᠤᠮ ᠳ᠋ᠠ ᠭᠡᠪᠡ ᠃ 
      ᠥᠪᠡᠷ ᠲᠤᠨᠢ ᠬᠠᠨᠳᠤᠭᠰᠠᠨ ᠡᠨᠡ ᠦᠭᠡ ᠶ᠋ᠢᠨ ᠭᠦᠨ ᠨᠠᠷᠢᠨ ᠤᠳᠬ᠎ᠠ ᠶ᠋ᠢ ᠱᠠᠮᠳᠠᠭᠠᠢ ᠣᠢᠯᠠᠭᠠᠯ᠎ᠠ᠃ ᠲᠡᠭᠡᠭᠡᠳ ᠡᠨᠡ ᠣᠷᠣᠢ ᠶ᠋ᠢᠨ ᠲᠤᠷᠰᠢ ᠪᠠᠷᠲᠠᠢ ᠶ᠋ᠢ ᠠᠩᠬ᠎ᠠ ᠤᠳᠠᠭ᠎ᠠ ᠡᠭᠴᠡᠯᠡᠨ ᠰᠢᠷᠳᠡᠵᠦ᠄ 
      –   ᠨᠠᠮᠠᠶ᠋ᠢ ᠬᠠᠭᠤᠷᠤᠯ ᠦᠭᠡᠢ ᠪᠡᠷ ᠡᠨᠡ ᠪᠥᠬᠥᠨ ᠢ ᠬᠢᠵᠦ  ᠪᠣᠯᠬᠤ ᠦᠭᠡᠢ ᠪᠠᠢᠭᠰᠠᠨ ᠭᠡᠵᠦ ᠤᠤ ? ᠬᠡᠮᠡᠪᠡ᠃
      – ᠴᠢ ᠨᠠᠮᠠᠶ᠋ᠢ ᠵᠠᠩᠰᠢᠯᠠᠭᠠᠴᠢ ᠭᠡᠵᠦ ᠮᠡᠳᠡᠵᠦ ᠪᠠᠢᠭᠰᠠᠨ ᠪᠣᠯ ᠬᠣᠲᠣ ᠶ᠋ᠢᠨ ᠳᠡᠷᠭᠡᠳᠡ ᠲᠡᠭᠡᠲᠡᠯ᠎ᠡ ᠪᠡᠨ ᠠᠭᠠᠰᠢᠯᠠᠵᠤ ᠴᠢᠳᠠᠬᠤ ᠪᠠᠢᠭᠰᠠᠨ ᠤᠤ ᠭᠡᠵᠦ ᠪᠠᠷᠳᠠᠢ ᠰᠡᠴᠡᠨ ᠰᠦᠷᠭᠡᠯᠡᠨ ᠠᠰᠠᠭᠤᠯ᠎ᠠ᠃ ᠲᠡᠷᠡᠬᠡᠨ ᠦᠭᠡ ᠶᠢ ᠡᠷᠭᠢᠵᠦ ᠰᠠᠨᠠᠬᠤ ᠳ᠋ᠠᠭᠠᠨ ᠦᠨᠡᠬᠡᠷ ᠪᠠᠷᠲᠠᠢ ᠳ᠋ᠤ᠌ ᠬᠢᠯᠢᠩᠨᠡᠵᠦ᠂ ᠬᠠᠮᠤᠭ ᠲᠥᠯᠥᠪᠯᠡᠭᠡ ᠡᠪᠳᠡᠷᠡᠭᠰᠡᠨ ᠢ᠋ ᠲᠣᠭᠠᠴᠢᠨ ᠭᠠᠰᠢᠭᠤᠳᠠᠨ ᠪᠠᠢᠭᠰᠠᠨ ᠨᠢ ᠪᠣᠳᠣᠭᠳᠠᠭᠠᠳ ᠨᠡᠭᠡᠷᠡᠨ ᠦᠨᠡᠨ ᠢ᠋ ᠮᠡᠳᠡᠵᠦ ᠠᠭᠰᠠᠨ ᠪᠣᠯ ᠬᠡᠷᠭᠢᠪᠡᠴᠤ ᠴᠢᠩᠭᠢᠵᠦ ᠠᠪᠤᠷᠢᠯᠠᠵᠤ ᠳᠥᠩᠭᠡᠬᠦ ᠦᠭᠡᠢ᠂ ᠲᠡᠭᠡᠭᠡᠳ ᠪᠦᠬᠦ ᠵᠦᠢᠯ ᠲᠣᠮᠣᠭᠯᠠᠭᠰᠠᠨ ᠲᠡᠳᠦᠢ ᠪᠣᠯᠬᠤ ᠪᠠᠢᠭᠰᠠᠨ ᠢ᠋ ᠲᠤᠭᠴᠢ ᠵᠠᠯᠠᠭᠤ ᠰᠠᠢᠨ ᠣᠢᠯᠠᠭᠠᠪᠠ᠃ ᠲᠡᠭᠦᠨ ᠢ᠋ ᠭᠡᠮᠰᠢᠩᠭᠦᠢ ᠢᠨᠢᠶᠡᠮᠰᠦᠭᠯᠡᠬᠦ ᠳ᠋ᠦ᠍ ᠪᠠᠷᠲᠠᠢ ᠰᠡᠴᠡᠨ ᠦ᠌ ᠳᠣᠲᠣᠷ᠎ᠠ ᠠᠭᠤᠵᠢᠷᠠᠵᠤ᠄ 
      –  ᠡᠨᠡ ᠪᠦᠬᠦ ᠰᠠᠢᠨ ᠲᠡᠭᠦᠰᠬᠡᠯ ᠶᠡᠷᠦ ᠳ᠋ᠡᠭᠡᠨ ᠴᠢᠨᠦ ᠲᠡᠷᠡ ᠬᠡᠳᠦᠨ ᠮᠥᠴᠡ ᠶ᠋ᠢᠨ ᠦᠨᠡᠨ ᠭᠠᠰᠢᠭᠤᠳᠠᠯ ᠠ᠋ᠴᠠ ᠡᠬᠢ ᠲᠡᠢ ᠶᠦᠮ ᠰᠢᠦ᠃ ᠡᠨᠡ ᠯᠡ ᠴᠢᠩ ᠦᠨᠡᠨᠴᠢ ᠴᠢᠨᠠᠷ ᠢ᠋ ᠴᠢᠨᠢ ᠰᠦᠪᠡᠭᠡᠳᠡᠢ ᠪᠠᠭᠠᠲᠤᠷ ᠲᠠᠨᠢᠵᠤ ᠰᠣᠩᠭᠣᠭᠰᠠᠨ ᠳ᠋ᠤ᠌ ᠴᠢ ᠪᠠᠬᠠᠷᠬᠠᠬᠤ ᠤᠴᠢᠷᠲᠢ ᠭᠡᠯ᠎ᠡ᠃ 
      –  ᠶᠡᠷᠦ ᠨᠢ ᠡᠨᠡ ᠪᠦᠬᠦᠨ ᠢ᠋ ᠬᠡᠳᠦᠢ ᠳ᠋ᠦ᠍ ᠡᠬᠢᠯᠡᠭᠰᠡᠨ ᠶᠦᠮ ᠪᠣᠢ ᠭᠡᠵᠦ ᠱᠠᠮᠳᠠᠭᠠᠢ ᠬᠣᠶᠠᠳᠠᠬᠢ ᠠᠶᠠᠭ᠎ᠠ ᠳᠠᠷᠠᠰᠤ ᠶ᠋ᠢ ᠰᠢᠮᠡᠬᠦ ᠵᠠᠭᠤᠷ᠎ᠠ ᠰᠣᠨᠢᠷᠬᠠᠯ᠎ᠠ᠃ ᠪᠠᠷᠳᠠᠢ ᠰᠡᠴᠡᠨ ᠨᠢᠭᠤᠷ ᠢ᠋ᠶ᠋ᠠᠨ ᠢᠯᠪᠢᠭᠰᠡᠨ  ᠢᠶᠡᠨ᠄
      –  ᠤᠭ ᠦᠨᠳᠦᠰᠦ ᠶᠡᠬᠡ ᠬᠣᠯᠠ ᠪᠣᠢ᠃ ᠳ᠋ᠠᠢ –  ᠤᠰᠤᠨ ᠨᠣᠶᠠᠨ ᠬᠤᠯᠠᠨ ᠥᠬᠢᠨ  ᠢᠶᠡᠨ ᠴᠢᠩᠭᠢᠰ ᠬᠠᠭᠠᠨ ᠳ᠋ᠤ᠌ ᠡᠷᠭᠦᠵᠦ᠂ ᠮᠡᠷᠭᠢᠳ ᠠᠢᠮᠠᠭ ᠬᠥᠬᠡ ᠲᠥᠷᠥ ᠶ᠋ᠢᠨ ᠥᠮᠥᠭ ᠲᠦ᠍  ᠪᠠᠭᠲᠠᠬᠠᠤ ᠪᠣᠯᠤᠭᠰᠠᠨ ᠠ᠋ᠴᠠ ᠴᠤ᠌ ᠶᠤᠮ ᠤᠤ᠂ ᠡᠰᠡᠪᠡᠯ ᠮᠢᠨᠦ ᠪᠡᠶ᠎ᠡ ᠣᠢ ᠶ᠋ᠢᠨ ᠢᠷᠭᠡᠳ ᠲᠦ᠍  ᠵᠠᠩᠰᠢᠯ ᠢ᠋ᠶ᠋ᠠᠷ ᠣᠳᠤᠭᠰᠠᠨ ᠠ᠋ᠴᠠ ᠴᠤ᠌ ᠡᠬᠢ ᠲᠡᠢ ᠪᠠᠢᠵᠤ ᠮᠠᠭᠠᠳ ᠦᠭᠡᠢ᠃ ᠭᠡᠪᠡᠴᠦ ᠬᠠᠮᠤᠭ ᠤ᠋ᠨ ᠳᠥᠭᠥᠮ ᠨᠢ ᠡᠨᠡ ᠬᠠᠪᠤᠷ ᠵᠥᠴᠢ ᠬᠠᠨ ᠤ᠋ ᠳᠡᠷᠭᠡᠳᠡ ᠰᠦᠪᠡᠭᠡᠳᠡᠢ᠂ ᠵᠡᠪᠡ᠂ ᠲᠤᠭᠤᠴᠡᠷ ᠨᠣᠶᠠᠨ ᠨᠠᠷ  ᠵᠥᠪᠯᠡᠯᠳᠦᠭᠰᠡᠨ ᠲᠡᠷᠡ ᠯᠠ ᠨᠢᠭᠡᠨ ᠬᠡᠷᠡᠭ ᠶᠠᠪᠤᠳᠠᠯ ᠪᠠᠢᠬᠤ ᠪᠣᠯᠪᠠ ᠤᠤ᠃ ᠲᠡᠨᠳᠡ ᠡᠴᠡ ᠵᠥᠴᠢ ᠬᠠᠨ ᠨᠠᠮᠠᠶ᠋ᠢ ᠰᠦᠪᠡᠭᠡᠳᠡᠢ ᠶ᠋ᠢᠨ ᠴᠡᠷᠢᠭ ᠲᠦ᠍ ᠢᠯᠡᠭᠡᠭᠰᠡᠨ ᠪᠥᠭᠡᠳ ᠪᠢ ᠡᠬᠢᠨ ᠡᠴᠡ ᠪᠡᠨ ᠡᠢᠮᠦᠷᠬᠦ ᠳᠦᠷᠢ ᠲᠥᠷᠬᠦ ᠲᠡᠢ ᠪᠠᠢᠵᠤ᠂ ᠬᠡᠷᠡᠭ ᠲᠡᠢ ᠴᠠᠭ ᠲᠤ᠌ ᠰᠦᠪᠡᠭᠡᠳᠡᠢ ᠪᠠᠭᠠᠲᠤᠷ ᠲᠠᠢ ᠮᠠᠷᠭᠤᠯᠳᠤᠨ ᠮᠡᠷᠭᠢᠳ ᠤᠷᠤᠭᠤ ᠳᠠᠢᠵᠢᠬᠤ ᠡᠭᠦᠷᠭᠡ ᠶ᠋ᠢ ᠠᠪᠤᠭᠰᠠᠨ ᠶᠤᠮ᠃ ᠭᠡᠬᠦ ᠳ᠋ᠡᠭᠡᠨ ᠲᠡᠷᠡ ᠦᠶ᠎ᠡ ᠳ᠋ᠦ᠍ ᠬᠣᠳᠣ ᠶ᠋ᠢᠨ ᠴᠡᠷᠢᠭ ᠲᠦ᠍ ᠮᠠᠨ ᠤ᠋ ᠵᠠᠩᠰᠢᠯᠠᠭᠠᠴᠢ ᠪᠠᠢᠭᠰᠠᠨ ᠪᠣᠯᠬᠤ ᠪᠠᠷ ᠴᠢᠮᠠᠶ᠋ᠢ ᠰᠢᠲᠦᠭᠡᠨ ᠪᠤᠯᠤᠭᠰᠠᠨ ᠲᠤᠭ ᠡᠴᠡ  ᠴᠢᠨᠢ ᠰᠠᠯᠠᠭᠠᠬᠤ ᠢᠷᠮᠤᠷᠬᠦ ᠶᠠᠪᠤᠳᠠᠯ ᠤ᠋ᠨ ᠰᠤᠷᠠᠭ ᠴᠤ᠌ ᠦᠭᠡᠢ ᠪᠠᠢᠭᠰᠠᠨ ᠶᠤᠮ ᠰᠢᠦ᠃
      – ᠲᠡᠷᠡ ᠵᠠᠩᠰᠢᠯᠭᠠᠴᠢ ᠢᠯᠡᠷᠡᠭᠰᠡᠨ ᠶᠦᠮ ᠦᠦ ?
      – ᠢᠯᠡᠷᠡᠭᠰᠡᠨ ᠡᠰᠡᠬᠦ ᠶ᠋ᠢ ᠪᠢ ᠣᠳᠣ ᠪᠠᠷ ᠬᠡᠯᠡᠵᠦ ᠮᠡᠳᠡᠬᠦ ᠦᠭᠡᠢ ᠃ ᠬᠠᠷᠢᠨ ᠮᠠᠨ ᠤ᠋ ᠶᠡᠬᠡ ᠴᠡᠷᠢᠭ ᠢ᠋ ᠡᠨᠳᠡ ᠪᠠᠭᠤᠬᠤ ᠠ᠋ᠴᠠ ᠶᠠᠭ ᠨᠢᠭᠡ ᠡᠳᠦᠷ ᠦ᠋ᠨ ᠡᠮᠦᠨ᠎ᠡ ᠲᠡᠭᠦᠨ ᠢ᠋ ᠠᠢᠯ ᠤ᠋ᠨ ᠡᠳ᠋ ᠬᠣᠯᠭᠣᠭᠰᠠᠨ ᠬᠡᠷᠡᠭ ᠢ᠋ᠶ᠋ᠡᠷ ᠨᠢᠭᠡ ᠨᠥᠬᠥᠷ ᠦ᠋ᠨ ᠬᠠᠮᠲᠤ ᠤᠭᠤᠴᠠ ᠶ᠋ᠢ ᠨᠢ ᠬᠤᠭᠤᠯᠵᠤ ᠬᠣᠷᠣᠭᠠᠭᠰᠠᠨ  ᠢ᠋ ᠰᠣᠨᠣᠰᠤᠭᠰᠠᠨ ᠃ ᠭᠡᠬᠦ ᠳ᠋ᠡᠭᠡᠨ ᠡᠭᠦᠨ ᠦ᠌ ᠴᠠᠭᠠᠨ᠎ᠠ ᠪᠠᠰᠠ ᠤᠴᠢᠷ ᠴᠤ᠌ ᠪᠠᠢᠵᠤ ᠮᠠᠭᠠᠳ ᠦᠭᠡᠢ ᠃
      – ᠡᠢᠮᠦ ᠨᠠᠷᠢᠨ ᠬᠡᠯᠡᠨ ᠨᠢ ᠬᠡᠨ ᠬᠦᠷᠭᠡᠵᠦ ᠢᠷᠡᠳᠡᠭ ᠪᠠᠢᠨ᠎ᠠ ᠠ᠋ ? 
      – ᠵᠠᠩᠰᠢᠯᠠᠭᠠᠴᠢ ᠮᠠᠨᠢ ᠬᠢᠯᠢᠰ ᠶᠠᠯ᠎ᠠ ᠳ᠋ᠤ᠌ ᠤᠨᠠᠭᠠᠳ ᠥᠪᠡᠷ ᠢ᠋ ᠪᠡᠨ ᠠᠪᠤᠷᠠᠬᠤ ᠪᠦᠬᠦ ᠠᠷᠭ᠎ᠠ ᠶᠢ ᠬᠢᠭᠡᠳ ᠳᠡᠢᠯᠦᠭᠰᠡᠨ ᠦᠭᠡᠢ ᠪᠣᠯᠤᠯᠲᠠᠢ᠃ ᠡᠴᠦᠰ ᠦ᠋ᠨ ᠮᠥᠴᠡ ᠳ᠋ᠦ᠍ ᠬᠣᠭᠣᠯᠠ ᠵᠥᠭᠡᠭᠡᠵᠦ ᠪᠠᠢᠭᠰᠠᠨ ᠡᠪᠦᠭᠡᠨ ᠲᠦᠷᠺᠮᠸᠨ ᠢ᠋  ᠬᠠᠬᠤᠤᠯᠢᠳᠠᠨ ᠥᠪᠡᠷ ᠦ᠋ᠨ ᠢ᠋ᠶ᠋ᠡᠨ ᠲᠤᠬᠠᠢ ᠮᠡᠳᠡᠭᠡ ᠶ᠋ᠢ ᠰᠦᠪᠡᠭᠡᠲᠡᠢ ᠪᠠᠭᠠᠲᠤᠷ ᠲᠤ᠌ ᠬᠦᠷᠭᠡᠵᠦ ᠴᠢᠳᠠᠭᠰᠠᠨ ᠨᠢ ᠲᠡᠷᠡ ᠃ ᠡᠪᠦᠭᠡᠨ ᠲᠥᠷᠺ ᠣᠪᠣᠭ᠎ᠠ ᠱᠠᠩ ᠠᠪᠤᠭᠰᠠᠨ ᠃ 
      – ᠲᠡᠷᠡ ᠡᠪᠦᠭᠡᠨ ᠢ᠋ ᠮᠠᠨ ᠤ᠋ ᠪᠣᠮᠲᠠᠢ ᠪᠠᠷᠢᠵᠤ ᠢᠷᠡᠭᠰᠡᠨ ᠢ᠋ ᠪᠢ ᠰᠠᠨᠠᠯ᠎ᠠ ᠃ ᠶᠡᠷᠦ ᠳ᠋ᠡᠭᠡᠨ ᠮᠠᠷᠭᠠᠰᠢ ᠨᠢ ᠯᠡ ᠨᠠᠮᠠᠶ᠋ᠢ ᠲᠠᠨ ᠳ᠋ᠤ᠌ ᠬᠥᠲᠥᠴᠢ ᠪᠡᠷ ᠢᠯᠡᠭᠡᠭᠰᠡᠨ ᠰᠢᠪᠳᠡ ᠃ ᠲᠡᠭᠡᠬᠦ  ᠪᠠᠷ ᠁?
      –  ᠲᠡᠢᠮᠦ ᠠ᠋ ᠃ ᠶᠡᠷᠦ ᠳ᠋ᠡᠭᠡᠨ ᠯᠡ ᠲᠡᠷᠡ ᠰᠥᠨᠢ ᠰᠦᠪᠡᠭᠡᠲᠡᠢ ᠪᠠᠭᠠᠲᠤᠷ ᠨᠠᠮᠠᠶ᠋ᠢ ᠨᠢᠭᠤᠴᠠ ᠪᠠᠷ ᠳᠠᠭᠤᠳᠠᠵᠤ ᠂ ᠪᠢᠳᠡᠨ ᠦᠦᠷ ᠴᠠᠢᠲᠠᠯ᠎ᠠ ᠬᠡᠯᠡᠯᠴᠡᠭᠡᠳ  ᠰᠠᠶᠢᠬᠠᠨ ᠤ᠋ ᠦᠢᠯᠡ ᠶᠢ ᠲᠣᠭᠲᠠᠭᠰᠠᠨ ᠬᠡᠷᠡᠭ᠃ ᠠᠮᠢ ᠡᠷᠡᠰᠳᠡᠭᠰᠡᠨ ᠵᠠᠩᠰᠢᠯᠠᠭᠠᠴᠢ ᠶ᠋ᠢᠨ ᠰᠠᠷᠠᠨ ᠵᠡᠪᠡ ᠶ᠋ᠢ ᠡᠪᠦᠭᠡᠨ ᠠᠪᠴᠢᠷᠠᠭᠰᠠᠨ ᠪᠠᠢᠯ᠎ᠠ ᠃ ᠲᠡᠷᠡ ᠵᠠᠩᠰᠢᠯᠠᠭᠠᠴᠢ ᠪᠠᠨ ᠬᠦᠨᠳᠦᠳᠬᠡᠨ᠂ ᠤᠭ ᠵᠡᠪᠡ ᠶ᠋ᠢ ᠳᠠᠬᠢᠨ ᠬᠡᠷᠡᠭᠯᠡᠶ᠎ᠡ ᠭᠡᠵᠦ ᠰᠦᠪᠡᠭᠡᠲᠡᠢ ᠪᠠᠭᠠᠲᠤᠷ ᠨᠠᠳᠠ ᠳ᠋ᠤ᠌ ᠭᠠᠷᠳᠠᠭᠤᠯᠤᠭᠰᠠᠨ ᠶᠤᠮ ᠠ᠋ ᠃ 
      – ᠶᠡᠬᠡ ᠰᠠᠢᠨ ᠨᠢᠭᠤᠴᠠᠯᠠᠵᠠᠢ ᠃ 
      – ᠬᠣᠷᠸ᠎ᠠ ᠳ᠋ᠤ᠌ ᠨᠢᠭᠤᠴᠠ ᠶᠠᠭᠤᠮ᠎ᠠ ᠭᠡᠵᠦ ᠬᠡᠵᠢᠶ᠎ᠡ ᠴᠦ᠍ ᠪᠠᠢᠳᠠᠭ ᠦᠭᠡᠢ ᠶᠦᠮ ᠠ᠋ ᠃ ᠵᠥᠪᠬᠡᠨ ᠤᠬᠠᠵᠤ ᠮᠡᠳᠡᠭᠡ ᠦᠭᠡᠢ ᠡᠴᠡ ᠯᠡ ᠬᠥᠮᠦᠰ ᠨᠢᠭᠤᠴᠠ ᠭᠡᠯᠴᠡᠳᠡᠭ ᠶᠦᠮ ᠃ ᠲᠡᠷᠡ ᠰᠥᠨᠢ ᠭᠡᠬᠦ  ᠳ᠋ᠦ᠍ ᠯᠡ ᠪᠢᠳᠡ ᠬᠣᠶᠠᠷ ᠪᠠᠰᠠ ᠬᠥᠮᠦᠨ ᠦ᠌ ᠬᠠᠷᠠᠭᠠᠨ ᠳ᠋ᠤ᠌ ᠥᠷᠲᠥᠭᠰᠡᠨ ᠪᠢᠯᠡ ᠭᠡᠵᠦ ᠢᠨᠢᠶᠡᠮᠰᠦᠭᠯᠡᠨ ᠬᠡᠯᠡᠪᠡ ᠃ 
      – ᠬᠡᠨ ᠪᠠᠢᠵᠤ ᠲᠠᠭᠠᠷᠠᠬᠤ ᠪᠣᠢ ? ᠭᠡᠵᠦ ᠱᠠᠮᠲᠠᠭᠠᠢ ᠴᠣᠴᠢᠨ ᠠᠰᠠᠭᠤᠪᠠ ᠃ 
      – ᠨᠠᠰᠢᠷ ᠪᠡᠬᠢ ᠯᠠ ! 
      – ᠬᠡᠯᠡᠮᠦᠷᠴᠢ ᠰᠠᠬᠠᠯᠲᠠᠢ ᠠᠷᠠᠪ ᠡᠪᠦᠭᠡᠨ ᠦᠦ ?
      – ᠡᠪᠦᠭᠡᠨ ᠬᠥᠮᠦᠨ ᠴᠦ᠍ ᠪᠠᠰᠠ ᠪᠢᠰᠢ ᠠ᠋ ᠃ ᠴᠢ ᠨᠠᠰᠤ ᠪᠠᠭ᠎ᠠ ᠤᠴᠢᠷ ᠲᠡᠭᠡᠵᠦ ᠬᠠᠷᠠᠵᠤ ᠪᠠᠢᠨ᠎ᠠ ᠃ ᠲᠡᠷᠡ ᠬᠥᠮᠦᠨ ᠰᠥᠨᠢᠵᠢᠨ ᠤᠨᠳᠠᠯ ᠦᠭᠡᠢ ᠪᠢᠳᠡᠨ ᠦ᠌ ᠴᠠᠴᠠᠷ ᠢ᠋ ᠬᠠᠷᠠᠭᠤᠯᠳᠠᠭᠰᠠᠨ ᠢ᠋ ᠬᠡᠪᠲᠡᠭᠦᠯ  ᠦ᠋ᠳ ᠮᠡᠳᠡᠵᠦ ᠪᠠᠷᠢᠭᠠᠳ ᠪᠠᠭᠠᠲᠤᠷ ᠲᠤ᠌ ᠠᠢᠯᠠᠳᠬᠠᠭᠰᠠᠨ ᠃ ᠪᠢ ᠥᠪᠡᠷ ᠢ᠋ ᠪᠡᠨ ᠲᠡᠭᠦᠨ ᠳ᠋ᠦ᠍ ᠮᠡᠳᠡᠭᠳᠡᠭᠡ ᠦᠭᠡᠢ ᠪᠠᠢᠭ᠎ᠠ ᠠ᠋ ᠁ 
      –  ᠠᠷᠠᠪ ᠡᠪᠦᠭᠡᠨ ᠶᠠᠭᠠᠬᠢᠬᠤ ᠭᠡᠰᠡᠨ ᠶᠦᠮ ᠪᠣᠯ ?
      – ᠡᠭᠦᠨ ᠢ᠋ ᠰᠣᠨᠢᠷᠬᠠᠬᠤ ᠴᠢᠯᠥᠭᠡ ᠨᠠᠳᠠ ᠳ᠋ᠤ᠌ ᠶᠠᠭᠠᠬᠢᠵᠤ ᠭᠠᠷᠬᠤ ᠪᠢᠯᠡ ᠃  ᠡᠳᠦᠢ ᠬᠦᠷᠲᠡᠯ᠎ᠡ ᠭᠡᠮ ᠡᠭᠦᠰᠦᠭᠡ ᠦᠭᠡᠢ ᠶ᠋ᠢ ᠪᠣᠳᠣᠬᠤ ᠳ᠋ᠤ᠌ ᠲᠡᠷᠡ ᠬᠥᠮᠦᠨ ᠯᠠᠪ ᠯᠠ ᠲᠠᠩᠳᠠᠭᠤᠯᠴᠢ ᠪᠢᠰᠢ ᠪᠠᠢᠵᠠᠢ ᠃ ᠡᠰᠡᠪᠡᠯ ᠰᠦᠪᠡᠭᠡᠲᠡᠢ ᠪᠠᠭᠠᠲᠤᠷ ᠭᠡᠮᠲᠦ ᠰᠠᠨᠠᠭ᠎ᠠ ᠶ᠋ᠢ ᠨᠢ ᠪᠣᠯᠢᠭᠤᠯᠵᠤ ᠴᠢᠳᠠᠭᠰᠠᠨ ᠪᠢᠵᠡ ᠃ ᠴᠢ ᠪᠢᠳᠡ ᠬᠣᠶᠠᠷ ᠲᠤ᠌ ᠲᠡᠷᠡ ᠡᠪᠦᠭᠡᠨ ᠡᠴᠡ ᠴᠦ᠍ ᠢᠯᠡᠭᠦᠦ ᠴᠢᠬᠤᠯᠠ ᠬᠡᠷᠡᠭ ᠤᠨᠳᠤᠷᠤᠭᠠᠳ ᠪᠠᠢᠭᠰᠠᠨ ᠰᠢᠦ ᠳᠠ ᠭᠡᠵᠦ ᠪᠠᠷᠳᠠᠢ ᠰᠡᠴᠡᠨ ᠬᠡᠯᠡᠭᠡᠳ ᠠᠶᠠᠭ᠎ᠠ ᠪᠠᠨ ᠠᠩᠬᠢᠯᠤᠭᠤᠨ ᠦᠨᠦᠷᠲᠦ ᠳᠠᠷᠠᠰᠤ ᠪᠠᠷ ᠳᠦᠭᠦᠷᠭᠡᠪᠡ ᠃
      ᠱᠠᠮᠲᠠᠭᠠᠢ ᠢᠨᠢᠶᠠᠮᠰᠦᠭᠯᠡᠨ ᠰᠠᠭᠤᠭᠰᠠᠨ ᠢ᠋ᠶ᠋ᠠᠨ ᠬᠦᠷᠢᠶᠡᠨ ᠡᠴᠡ ᠤᠷᠭᠤᠵᠤ ᠭᠠᠷᠬᠤ ᠰᠥᠨᠢ ᠦᠵᠦᠮ ᠦ᠋ᠨ ᠳᠥᠭᠦᠯ ᠳ᠋ᠦ᠍ ᠪᠠᠷᠲᠠᠢ ᠰᠡᠴᠡᠨ ᠦ᠌ ᠬᠡᠷᠬᠢᠨ ᠠᠪᠤᠷᠢᠯᠠᠭᠰᠠᠨ ᠢ᠋ ᠰᠠᠨᠠᠭᠠᠳ ᠲᠡᠰᠬᠡᠯ ᠦᠭᠡᠢ ᠢᠨᠢᠶᠡᠳᠦ ᠠᠯᠳᠠᠵᠤ ᠄ 
      – ᠲᠠᠨ ᠤ᠋ ᠮᠠᠲᠠᠭᠠᠨ ᠤ᠋ ᠦᠵᠦᠭᠦᠷ ᠰᠦᠷᠡᠬᠡᠢ ᠯᠠᠪ ᠣᠷᠣᠭᠰᠠᠨ ᠰᠢᠦ ᠭᠡᠪᠡᠯ ᠪᠠᠷᠲᠠᠢ ᠰᠡᠴᠡᠨ ᠮᠥᠨ ᠢᠨᠢᠶᠡᠵᠦ ᠄
      – ᠲᠡᠭᠡᠬᠦ ᠳ᠋ᠡᠭᠡᠨ ᠯᠡ ᠰᠦᠪᠡᠭᠡᠲᠡᠢ ᠪᠠᠭᠠᠲᠤᠷ ᠤ᠋ᠨ ᠲᠠᠰᠢᠭᠤᠷ ᠤ᠋ᠨ ᠰᠢᠷᠬᠠᠨ ᠠ᠋ᠴᠠ ᠠᠷᠠᠢ ᠬᠥᠩᠭᠡᠨ ᠲᠤᠰᠤᠭᠰᠠᠨ ᠪᠠᠢᠬ᠎ᠠ ᠃ ᠡᠨᠡ ᠳᠦᠭᠦᠷᠡᠩ ᠳᠠᠷᠠᠰᠤ ᠶ᠋ᠢ ᠲᠣᠭᠲᠠᠭᠠᠭᠠᠳ ᠨᠠᠮᠠᠶ᠋ᠢ ᠠᠭᠤᠴᠢᠯᠠ ᠭᠡᠰᠡᠨ ᠢ᠋ᠶ᠋ᠡᠨ ᠬᠥᠮᠥᠰᠬᠡ ᠵᠠᠩᠭᠢᠳᠴᠤ ᠄
      –  ᠭᠡᠪᠡᠴᠦ ᠴᠢᠨᠦ ᠮᠡᠳᠡᠵᠦ ᠠᠮᠵᠢᠭᠰᠠᠨ ᠦᠭᠡᠢ ᠪᠠᠰᠠ ᠣᠯᠠᠨ ᠵᠦᠢᠯ ᠪᠣᠢ ᠃ ᠭᠣᠣᠯ ᠳᠠᠢᠰᠤᠨ ᠢ᠋ᠶ᠋ᠠᠨ ᠴᠢ ᠥᠪᠡᠷ ᠢ᠋ᠶ᠋ᠡᠨ ᠪᠠᠷᠢᠭᠰᠠᠨ ᠰᠢᠦ ᠳ᠋ᠠ᠃ 
      –  ᠬᠡᠨ ? ᠠᠷᠠᠢ ᠠᠪᠵᠠᠢ ᠁ 
      –  ᠲᠡᠢᠮᠦ ᠠ᠋ ᠃  ᠠᠪᠵᠠᠢ ᠪᠦᠰᠡᠭᠦᠢ ᠭᠡᠵᠦ ᠪᠠᠷᠳᠠᠢ ᠰᠡᠴᠡᠨ ᠤᠷᠲᠤ ᠪᠠᠷ ᠰᠡᠭᠦᠷᠡᠰᠦ ᠠᠯᠳᠠᠭᠠᠳ᠄
      –  ᠪᠢ ᠲᠡᠭᠦᠨ ᠦ᠌ ᠲᠤᠬᠠᠢ ᠪᠦᠷ ᠡᠷᠲᠡ ᠵᠥᠴᠢ ᠬᠠᠨ ᠠ᠋ᠴᠠ ᠰᠣᠨᠣᠰᠤᠭᠰᠠᠨ ᠶᠤᠮᠰᠠᠨ ᠃ ᠬᠦᠴᠦᠯᠦᠭ ᠦ᠋ᠨ ᠨᠢᠭᠡ ᠲᠡᠢᠮᠦ ᠦᠢᠯᠡ ᠲᠡᠢ ᠡᠮ᠎ᠡ ᠪᠠᠢᠳᠠᠭ ᠂ ᠲᠡᠷᠡ ᠨᠢ ᠬᠦᠴᠦᠯᠥᠭ ᠲᠦ᠍ ᠦᠯᠦ ᠲᠣᠭᠣᠭᠳᠠᠬᠤ ᠮᠥᠷᠲᠡᠭᠡᠨ ᠲᠡᠭᠦᠨ ᠦ᠌ ᠲᠥᠯᠥᠭᠡ ᠭᠠᠯ ᠤᠰᠤᠨ ᠳ᠋ᠤ᠌ ᠴᠤ᠌ ᠣᠷᠣᠬᠤ ᠠ᠋ᠴᠠ ᠪᠤᠴᠠᠳᠠᠭ ᠦᠭᠡᠢ ᠭᠡᠳᠡᠭ  ᠢ᠋ ᠥᠪᠡᠷ ᠢ᠋ᠶ᠋ᠡᠨ ᠯᠡ ᠦᠵᠡᠵᠦ ᠦᠨᠡᠮᠰᠢᠪᠡ ᠰᠢᠦ ᠃ 
      –  ᠠᠪᠵᠠᠢ ᠬᠠᠳᠤᠨ ᠲᠠᠨ ᠢ᠋ ᠬᠣᠷᠣᠭᠠᠬᠤ ᠭᠡᠵᠦ ᠳᠣᠪᠲᠣᠯᠤᠭᠰᠠᠨ ᠢ᠋ ᠪᠢ ᠮᠡᠳᠡᠵᠦ ᠪᠠᠢᠨ᠎ᠠ᠃ ᠥᠭᠡᠷ᠎ᠡ ᠶᠠᠮᠠᠷ ᠭᠡᠮ ᠬᠢᠭᠰᠡᠨ ᠶᠦᠮ ᠪᠣᠢ ?
      –  ᠥᠭᠡᠷ᠎ᠡ ᠶᠠᠮᠠᠷ ᠭᠡᠨ᠎ᠡ ᠭᠡᠵᠦ ᠪᠠᠷᠲᠠᠢ ᠰᠡᠴᠡᠨ ᠬᠡᠭᠵᠢᠭᠦᠨ ᠢᠨᠢᠶᠡᠭᠡᠳ ᠄
      – ᠪᠠᠷᠤᠭ ᠪᠦᠬᠦ ᠬᠡᠷᠡᠭ ᠢ᠋ ᠲᠡᠷᠡ ᠳᠡᠩᠳᠡᠵᠦ ᠮᠡᠳᠡᠭᠰᠡᠨ ᠶᠦᠮ ᠪᠢᠯᠡ ᠃ ᠥᠪᠡᠷ ᠢ᠋ᠶ᠋ᠡᠨ ᠨᠠᠳᠠ ᠳ᠋ᠤ᠌ ᠬᠡᠯᠡᠭᠰᠡᠨ ᠶᠦᠮ ᠰᠢᠦ᠃ ᠴᠢᠮᠠᠶ᠋ᠢ ᠲᠤᠰᠠᠭᠠᠷᠯᠠᠴᠢᠬᠠᠭᠠᠳ ᠪᠢ ᠰᠢᠷᠬᠠᠨ ᠳ᠋ᠠᠭᠠᠨ ᠬᠠᠯᠠᠭᠤᠷᠠᠵᠤ ᠬᠡᠪᠲᠡᠬᠦ ᠳ᠋ᠦ᠍ ᠠᠪᠵᠠᠢ ᠢᠷᠡᠵᠦ ᠂ ᠬᠣᠨᠢᠨ ᠴᠠᠭᠠᠨ ᠡᠮ ᠢ᠋ ᠨᠢᠷᠤᠭᠤᠨ ᠳ᠋ᠤ᠌ ᠮᠢᠨᠢ ᠲᠦᠷᠬᠢᠵᠦ ᠪᠢᠯᠡ᠃ ᠲᠡᠭᠦᠨ ᠦ᠌ ᠠᠴᠢ ᠪᠡᠷ ᠪᠢ ᠬᠣᠶᠠᠷ ᠡᠳᠦᠷ ᠦ᠋ᠨ ᠳᠣᠲᠣᠷ᠎ᠠ ᠬᠥᠯ ᠳᠡᠭᠡᠷ᠎ᠡ ᠪᠡᠨ ᠪᠣᠰᠤᠭᠰᠠᠨ ᠶᠤᠮ ᠰᠢᠦ ᠳᠡ ᠃ ᠲᠡᠷᠡ ᠡᠪᠦᠭᠡᠨ ᠬᠥᠮᠦᠨ ᠦ᠌ ᠳᠦᠷᠢ ᠪᠡᠷ ᠬᠦᠷᠢᠶᠡᠨ ᠳ᠋ᠦ᠍ ᠨᠡᠪᠲᠡᠷᠡᠵᠦ᠂ ᠨᠠᠮᠠᠶ᠋ᠢ  ᠵᠠᠨᠴᠢᠭᠤᠯᠵᠤ ᠪᠠᠢᠬᠤ ᠳ᠋ᠤ᠌ ᠬᠣᠷᠢᠭᠠᠳᠬᠠᠨ ᠠᠯᠬᠤᠮ ᠤ᠋ᠨ ᠴᠠᠭᠠᠨ᠎ᠠ ᠪᠥᠭᠲᠥᠢᠭᠡᠳ ᠵᠣᠭᠰᠣᠵᠤ ᠪᠠᠢᠭᠰᠠᠨ ᠢ᠋ᠶ᠋ᠠᠨ ᠢᠨᠢᠶᠡᠵᠦ ᠬᠥᠭᠡᠷᠦᠨ ᠶᠠᠷᠢᠭᠰᠠᠨ᠂ ᠪᠠᠰᠠ ᠦᠵᠦᠮ ᠦ᠋ᠨ ᠲᠥᠭᠦᠯ ᠳ᠋ᠦ᠍ ᠴᠢ ᠪᠢᠳᠡ ᠬᠣᠶᠠᠷ ᠢ᠋ ᠮᠠᠭᠤᠳᠠᠯᠴᠠᠵᠤ ᠪᠠᠢᠬᠤ ᠳ᠋ᠤ᠌ ᠪᠤᠲᠠᠨ ᠤ᠋ ᠠᠷᠤ ᠳ᠋ᠤ᠌ ᠨᠢᠭᠤᠭᠳᠠᠨ ᠪᠦᠭᠦᠳᠡ ᠶ᠋ᠢ ᠴᠢᠩᠨᠠᠭᠰᠠᠨ᠃ ᠡᠨᠡ ᠪᠦᠬᠦᠨ ᠡᠴᠡ ᠪᠣᠯᠤᠭᠠᠳ ᠨᠠᠳᠠ ᠳ᠋ᠤ᠌ ᠲᠤᠩ ᠰᠦᠷᠡᠬᠡᠢ ᠢᠲᠡᠭᠡᠴᠢᠬᠡᠵᠡᠢ ᠃ 《ᠬᠡᠷᠪᠡ ᠬᠣᠲᠣ ᠴᠢᠮᠠᠶ᠋ᠢ ᠦᠯᠡᠳᠡᠭᠡᠬᠦ ᠦᠭᠡᠢ ᠪᠣᠯ ᠬᠠᠷ᠎ᠠ ᠬᠢᠳᠠᠨ ᠳ᠋ᠤ᠌ ᠣᠴᠢᠭᠲᠤᠨ 》ᠭᠡᠵᠦ ᠨᠠᠮᠠᠶ᠋ᠢ ᠢᠤᠬᠠᠭᠰᠠᠨ ᠰᠢᠦ ᠃ ᠲᠡᠭᠡᠵᠦ ᠢᠲᠡᠭᠡᠭᠰᠡᠨ ᠬᠥᠮᠦᠨ ᠢ᠋ᠶ᠋ᠡᠨ ᠠᠨᠳᠠᠭᠤᠷᠠᠭᠰᠠᠨ ᠢ᠋ ᠮᠡᠳᠡᠭᠡᠳ ᠶᠠᠭᠠᠬᠢᠵᠤ ᠬᠢᠯᠢᠩᠨᠡᠬᠦ ᠨᠢ ᠲᠣᠳᠣᠷᠬᠠᠢ ᠪᠠᠢᠭᠰᠠᠨ ᠤᠴᠢᠷ ᠠ᠋ᠴᠠ ᠪᠢ ᠴᠢᠮ᠎ᠠ ᠳ᠋ᠤ᠌ ᠠᠪᠵᠠᠢ ᠶ᠋ᠢ ᠬᠠᠷᠠᠵᠤ ᠪᠠᠢ ᠭᠡᠵᠦ ᠵᠠᠬᠢᠭᠰᠠᠨ ᠮᠢᠨᠢ ᠲᠡᠷᠡ ᠃ 
      – ᠪᠠᠢᠵᠠ ᠂ ᠪᠠᠢᠵᠠ ᠭᠡᠵᠦ ᠱᠠᠮᠲᠠᠭᠠᠢ ᠳᠠᠭᠤ ᠠᠯᠳᠠᠭᠠᠳ ᠨᠢᠳᠦ ᠪᠡᠨ ᠶᠡᠬᠡ ᠪᠣᠯᠭᠠᠵᠤ ᠄
      – ᠤᠰᠤᠨ ᠦᠵᠦᠮ ᠵᠠᠷᠤᠵᠤ ᠪᠠᠢᠭᠰᠠᠨ ᠡᠪᠦᠭᠡᠨ ᠢ᠋ ᠪᠢ ᠰᠠᠨᠠᠵᠤ ᠪᠠᠢᠨ᠎ᠠ ᠃ ᠦᠨᠡᠬᠡᠷ ᠨᠢᠳᠦ ᠨᠢ ᠲᠤᠩ ᠬᠠᠴᠢᠨ ᠰᠠᠨᠠᠭᠳᠠᠭᠰᠠᠨ᠃ ᠵᠠᠯᠠᠭᠤ ᠬᠥᠮᠦᠨ ᠰᠢᠭ ᠁  ᠭᠡᠲᠡᠯ᠎ᠡ ᠪᠠᠰᠠ  ᠶᠸᠯᠸᠢᠪᠴᠢ ᠡᠮ᠎ᠡ ᠁
      – ᠴᠢ ᠣᠳᠣ ᠯᠠ ᠤᠬᠠᠭᠠᠷᠠᠯ᠎ᠠ᠃ ᠠᠪᠵᠠᠢ ᠴᠢᠮᠠᠶ᠋ᠢ ᠰᠦᠪᠡᠭᠡᠲᠡᠢ ᠶ᠋ᠢᠨ ᠲᠤᠷᠰᠢᠭᠤᠯ ᠭᠡᠵᠦ ᠦᠵᠡᠭᠡᠳ ᠥᠪᠡᠷ ᠢ᠋ᠶ᠋ᠡᠨ ᠳᠠᠭᠠᠵᠤ ᠲᠠᠩᠨᠠᠭᠰᠠᠨ ᠬᠡᠷᠡᠭ ᠃ ᠮᠣᠷᠢᠨ ᠴᠠᠭ ᠲᠤ᠌ ᠡᠯᠴᠢ ᠲᠡᠢ ᠠᠭᠤᠯᠵᠠᠬᠤ ᠳ᠋ᠤ᠌ ᠴᠢᠨᠢ ᠲᠡᠷᠡ ᠮᠡᠷᠭᠡᠴᠢ ᠡᠮ᠎ᠡ ᠶ᠋ᠢᠨ ᠳᠦᠷᠢ ᠪᠡᠷ ᠣᠢᠷᠠᠲᠤᠵᠤ ᠪᠠᠷᠢᠬᠤ ᠪᠠᠢᠭᠰᠠᠨ ᠶᠤᠮ ᠳ᠋ᠠ᠃ ᠪᠢ ᠰᠢᠷᠬ᠎ᠠ ᠪᠠᠨ ᠲᠡᠰᠪᠦᠷᠢᠯᠡᠨ ᠪᠣᠰᠴᠤ ᠰᠠᠭᠠᠳ ᠬᠢᠭᠰᠡᠨ ᠢ᠋ᠶ᠋ᠡᠷ ᠪᠠᠷᠠᠬᠤ ᠦᠭᠡᠢ ᠥᠪᠡᠷ ᠲᠡᠭᠡᠨ ᠠᠰᠢᠭᠲᠠᠢ ᠪᠠᠷ ᠡᠷᠭᠢᠭᠦᠯᠵᠦ ᠴᠢᠳᠠᠭᠰᠠᠨ ᠁
      ᠱᠠᠮᠲᠠᠭᠠᠢ ᠦᠭᠡ ᠶ᠋ᠢ ᠨᠢ ᠳᠠᠭᠤᠰᠲᠠᠯ᠎ᠠ ᠰᠣᠨᠣᠰᠴᠤ ᠲᠡᠪᠴᠢᠭᠰᠡᠨ ᠦᠭᠡᠢ ᠭᠡᠨᠡᠳᠲᠡ ᠠᠶᠠᠭ᠎ᠠ  ᠪᠠᠨ ᠲᠠᠯᠪᠢᠭᠠᠳ ᠥᠨᠳᠡᠢᠯ᠎ᠡ᠃ ᠲᠡᠭᠦᠨ ᠦ᠌ ᠴᠢᠷᠠᠢ ᠴᠣᠩᠭᠢᠷᠠᠵᠤ᠂ ᠤᠷᠤᠭᠤᠯ ᠨᠢ ᠴᠡᠴᠡᠷᠡᠨ᠎ᠡ ᠃ 
      – ᠢᠩᠭᠢᠬᠦ ᠳ᠋ᠦ᠍ ᠲᠠ ᠡᠯᠴᠢ ᠶ᠋ᠢ ᠠᠯᠠᠭᠰᠠᠨ ᠰᠢᠦ ᠳ᠋ᠠ᠃
      ᠪᠠᠷᠳᠠᠢ ᠰᠡᠴᠡᠨ ᠦ᠌ ᠨᠢᠳᠦᠨ ᠳ᠋ᠦ᠍ ᠵᠠᠯᠢᠷᠬᠠᠭᠤ ᠣᠴᠢ ᠬᠢᠯᠠᠰᠬᠢᠪᠡ ᠃ ᠪᠠᠯᠠᠮᠠᠭᠳᠠᠵᠤ ᠭᠦᠢᠴᠡᠭᠰᠡᠨ ᠳᠥᠷᠪᠡᠳ ᠵᠠᠯᠠᠭᠤ ᠲᠡᠭᠦᠨ ᠢ᠋ ᠠᠩᠵᠠᠭᠠᠷᠠᠭᠰᠠᠨ ᠦᠭᠡᠢ ᠂ ᠴᠡᠴᠡᠷᠡᠭᠰᠡᠨ ᠭᠠᠷ ᠢ᠋ᠶ᠋ᠠᠨ ᠠᠷᠠᠢᠬᠠᠨ ᠳᠠᠷᠤᠵᠤ᠄
      – ᠨᠠᠮ ᠴᠠᠪᠴᠢᠭᠰᠠᠨ ᠂ ᠴᠢᠰᠤ ᠨᠢ ᠣᠯᠣᠭᠠᠢᠳᠤᠭᠠᠳ᠁ ᠨᠢᠳᠦ ᠨᠢ ᠭᠦᠯᠦᠢᠴᠢᠬᠡᠭᠰᠡᠨ ᠪᠠᠢᠭᠰᠠᠨ ᠢ᠋ ᠪᠢ ᠣᠳᠣ ᠬᠠᠷᠠᠵᠤ ᠪᠠᠢᠭ᠎ᠠ ᠶᠤᠮ ᠰᠢᠭ᠋ ᠰᠠᠨᠠᠵᠤ ᠪᠠᠢᠨ᠎ᠠ ᠃ ᠲᠡᠷᠡ ᠬᠥᠮᠦᠨ ᠪᠠᠰᠠ ᠵᠣᠯᠢᠶᠠᠰᠤ ᠪᠠᠢᠭᠰᠠᠨ ᠭᠡᠵᠦ ᠦᠦ ? ᠭᠡᠮᠡᠨ ᠳᠣᠭᠳᠣᠯᠣᠬᠰᠠᠨ ᠠ᠋ᠴᠠ ᠰᠥᠭᠡᠭᠰᠡᠨ ᠬᠣᠭᠣᠯᠠᠢ ᠪᠠᠷ ᠬᠠᠰᠬᠢᠷᠬᠤ ᠰᠢᠬᠠᠭᠤ ᠬᠡᠯᠡᠪᠡ᠃
      ᠪᠠᠷᠲᠠᠢ ᠰᠡᠴᠡᠨ ᠲᠡᠭᠦᠨ ᠦ᠌ ᠭᠠᠷ ᠠ᠋ᠴᠠ ᠰᠢᠭᠦᠷᠴᠦ ᠄
      – ᠲᠣᠭᠲᠠᠵᠤ ᠦᠵᠡ ᠃ ᠴᠢᠮᠠᠶ᠋ᠢ ᠲᠠᠩᠭᠤᠳ ᠤ᠋ᠨ ᠴᠡᠷᠢᠭ ᠦ᠋ᠨ ᠬᠦᠷᠢᠶᠡᠨ ᠳ᠋ᠦ᠍ ᠪᠠᠷᠤᠭ ᠯᠢ ᠣᠪᠣᠭᠲᠠᠨ ᠪᠣᠯᠲᠠᠯ᠎ᠠ ᠪᠠᠨ ᠬᠦᠨᠳᠦᠯᠡᠭᠳᠡᠵᠦ ᠴᠢᠳᠠᠭᠰᠠᠨ ᠵᠠᠩᠰᠢᠯᠠᠭᠠᠴᠢ ᠭᠡᠵᠦ ᠰᠦᠪᠡᠭᠡᠲᠡᠢ ᠪᠠᠭᠠᠲᠤᠷ ᠮᠠᠭᠲᠠᠵᠤ ᠪᠠᠢᠭᠰᠠᠨ ᠪᠤᠰᠤ ᠤᠤ ᠃ ᠴᠢ ᠶᠠᠳᠠᠷᠠᠭᠰᠠᠨ ᠪᠠᠢᠨ᠎ᠠ ᠃ ᠡᠨᠡ ᠳᠠᠷᠠᠰᠤ ᠴᠦ᠍ ᠪᠠᠰᠠ ᠠᠨᠲᠠᠭᠤᠨ ᠳᠠᠷᠤᠭᠰᠠᠨ ᠡᠳ᠋ ᠪᠣᠯᠤᠯᠲᠠᠢ ᠃ ᠴᠢᠰᠤ ᠣᠭᠰᠢᠭᠤᠯᠳᠠᠭ ᠪᠠᠢᠵᠤ ᠮᠡᠳᠡᠨ᠎ᠡ ᠃ ᠰᠥᠨᠢ ᠶ᠋ᠢᠨ ᠨᠢᠭᠡ ᠵᠢᠩ ᠴᠣᠬᠢᠵᠤ ᠪᠠᠢᠨ᠎ᠠ ᠰᠢᠦ ᠃ ᠣᠳᠣ ᠤᠨᠲᠠᠵᠠᠭᠠᠶ᠎ᠠ ᠃ ᠴᠢ ᠪᠢᠳᠡᠨ ᠦ᠌ ᠦᠵᠡᠵᠦ ᠬᠠᠷᠠᠭᠰᠠᠨ ᠶᠠᠭᠤᠮ᠎ᠠ ᠶᠡᠬᠡᠳᠦᠭᠰᠡᠨ ᠰᠢᠭ ᠪᠠᠢᠨ᠎ᠠ ᠃ ᠵᠠᠷᠢᠮ ᠢ᠋ ᠨᠢ ᠮᠠᠷᠭᠠᠰᠢ ᠳ᠋ᠠᠭᠠᠨ ᠬᠠᠳᠠᠭᠠᠯᠠᠶ᠎ᠠ ᠭᠡᠵᠦ ᠢᠳᠬᠠᠯ᠎ᠠ᠃ 
      ᠱᠠᠮᠲᠠᠭᠠᠢ ᠲᠦᠷ ᠲᠠᠢᠪᠤᠰᠢᠷᠠᠭᠰᠠᠨ ᠬᠡᠳᠦᠢ ᠴᠦ᠍ ᠰᠡᠳᠬᠢᠯ ᠨᠢ ᠳᠠᠬᠢᠨ ᠣᠢᠮᠤᠷᠴᠡᠢ ᠃