ᠣᠲᠣᠷ ᠤ᠋ᠨ ᠣᠬᠣᠷ ᠪᠦᠷᠢᠳᠬᠡᠯ- ᠬᠠᠷᠬᠠᠳᠠᠨ ᠷ ᠂ ᠴᠢᠷᠮᠠᠢᠯᠲᠤОтрын охор бүртгэл-хархтан р , Чармайлт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠲᠣᠷ ᠤ᠋ᠨ ᠣᠬᠣᠷ ᠪᠦᠷᠢᠳᠬᠡᠯ- ᠬᠠᠷᠬᠠᠳᠠᠨ ᠷ ᠂ ᠴᠢᠷᠮᠠᠢᠯᠲᠤОтрын охор бүртгэл-хархтан р , Чармайлт

ᠣᠲᠣᠷ ᠤ᠋ᠨ ᠣᠬᠣᠷ ᠪᠦᠷᠢᠳᠬᠡᠯ- ᠬᠠᠷᠬᠠᠳᠠᠨ ᠷ ᠂ ᠴᠢᠷᠮᠠᠢᠯᠲᠤОтрын охор бүртгэл-хархтан р , Чармайлт

2023-06-22

230

ᠣᠲᠣᠷ ᠤ᠋ᠨ ᠣᠬᠣᠷ ᠪᠦᠷᠢᠳᠬᠡᠯ

     ᠬᠠᠷᠬᠠᠳᠠᠨ   ᠴᠢᠷᠮᠠᠶ᠋ᠢᠯᠲᠤ

ᠠᠯᠠᠭ ᠬᠣᠶᠠᠷ ᠱᠠᠭᠠᠵᠠᠭᠠᠢ ᠲᠠᠢ
ᠠᠵᠢᠯᠴᠢ ᠬᠣᠷᠢᠨ ᠪᠢᠯᠵᠤᠤᠬᠠᠢ ᠲᠠᠢ
ᠠᠩᠨᠠᠳᠠᠭ ᠬᠦᠷᠡᠩ ᠮᠤᠤᠷ ᠲᠠᠢ
ᠠᠶ᠋ᠢᠯ ᠤ᠋ᠨ ᠪᠣᠯᠣᠳ ᠳᠠᠯᠠᠢ ᠨᠠᠶ᠋ᠢᠵᠠ ᠲᠠᠢ᠃

ᠲᠠᠩᠰᠤᠭ ᠲᠠᠪᠢᠨ ᠬᠣᠨᠢ ᠲᠠᠢ
ᠲᠠᠷᠭᠤᠨ ᠳᠥᠷᠪᠡᠨ ᠦᠬᠡᠷ ᠲᠡᠢ
ᠲᠠᠪᠤᠨ ᠵᠠᠭᠤᠨ ᠮᠦ᠍ ᠪᠡᠯᠴᠢᠭᠡᠷ ᠲᠡᠢ
ᠲᠠᠨᠢᠯ ᠴᠥᠭᠡᠨ ᠡᠵᠡᠨ ᠲᠡᠢ᠃

ᠣᠲᠣᠷ ᠤ᠋ᠨ ᠣᠬᠣᠷᠬᠠᠨ ᠵᠠᠢ
ᠪᠣᠳᠣᠯ ᠤ᠋ᠨ ᠴᠡᠪᠡᠷᠬᠡᠨ ᠮᠥᠷᠥᠭᠡᠳᠦᠯ
ᠣᠲᠣᠷ ᠤ᠋ᠨ ᠣᠬᠣᠷᠬᠠᠨ ᠵᠠᠢ
ᠰᠤᠳᠠᠯ ᠤ᠋ᠨ ᠲᠠᠶ᠋ᠢᠪᠤᠭᠤᠬᠠᠨ ᠯᠤᠭᠰᠢᠯ

ᠠᠷᠠᠳ ᠤ᠋ᠨ ᠵᠠᠰᠠᠭ ᠤ᠋ᠨ ᠬᠠᠮᠢᠶᠠᠷᠤᠯᠲᠠ ᠲᠠᠢ
ᠠᠷᠪᠢᠯᠠᠵᠤ ᠭᠠᠮᠨᠠᠭᠰᠠᠨ ᠲᠡᠦᠬᠡ ᠲᠡᠢ
ᠠᠯᠳᠠᠵᠤ ᠤᠨᠤᠭᠰᠠᠨ ᠳᠠᠩᠰᠠ ᠲᠠᠢ
ᠠᠮᠢᠳᠤᠷᠠᠵᠤ ᠲᠡᠮᠡᠴᠡᠭᠰᠡᠨ ᠢᠷᠡᠯᠲᠡ ᠲᠡᠢ᠃

ᠲᠥᠷᠥ ᠶ᠋ᠢᠨ ᠪᠣᠳᠣᠯᠭ᠎ᠠ ᠶ᠋ᠢᠨ ᠵᠢᠭᠠᠪᠤᠷᠢ ᠲᠠᠢ
ᠲᠦᠪᠡᠭᠲᠦ ᠡᠪᠡᠳᠴᠢᠨ ᠤ ᠰᠦᠷᠳᠡᠭᠦᠯᠦᠯ ᠲᠡᠢ
ᠲᠦᠮᠡᠨ ᠣᠯᠠᠨ ᠤ ᠣᠷᠢᠶᠠᠯᠭ᠎ᠠ ᠲᠠᠢ
ᠲᠦᠷᠭᠡᠨ ᠬᠦᠴᠦᠷᠬᠡᠭᠵᠢᠬᠦ ᠬᠠᠷᠠᠯᠲᠠ ᠲᠠᠢ᠃

ᠠᠮᠢ ᠠᠬᠤᠢ ᠶ᠋ᠢᠨ ᠲᠡᠩᠴᠡᠭᠦᠷᠢ ᠲᠡᠢ
ᠠᠮᠠᠷᠠᠭ ᠬᠠᠶ᠋ᠢᠷ᠎ᠠ ᠶ᠋ᠢᠨ ᠳᠡᠮᠵᠢᠭᠦᠷ ᠲᠡᠢ
ᠠᠯᠤᠰ ᠠ᠋ᠴᠠ ᠡᠵᠡᠮᠰᠢᠬᠦ ᠤᠶᠤᠨᠴᠢᠯᠠᠯ ᠲᠠᠢ
ᠠᠷᠤ ᠠ᠋ᠴᠠ ᠨᠢ ᠮᠥᠷᠳᠡᠬᠦ ᠳᠤᠷᠠᠨᠳᠠᠭᠤᠷ ᠲᠠᠢ᠃

ᠨᠤᠲᠤᠭ ᠢ᠋ᠶ᠋ᠠᠨ ᠰᠠᠬᠢᠬᠤ ᠤᠬᠠᠮᠰᠠᠷ ᠲᠠᠢ
ᠬᠤᠲᠤᠭ ᠢ᠋ᠶ᠋ᠠᠨ ᠬᠤᠷᠤᠶ᠋ᠢᠯᠠᠬᠤ ᠢᠷᠡᠭᠡᠳᠦᠢᠲᠡᠢ
ᠮᠠᠯ ᠢ᠋ᠶ᠋ᠠᠨ ᠬᠠᠷᠢᠭᠤᠯᠬᠤ ᠳᠤᠷᠠᠰᠢᠯ ᠲᠠᠢ
ᠭᠠᠯ ᠢ᠋ᠶ᠋ᠠᠨ ᠮᠠᠨᠠᠬᠤ ᠬᠠᠷᠢᠭᠤᠴᠠᠯᠭ᠎ᠠ ᠲᠠᠢ ᠃

ᠣᠲᠣᠷ ᠤ᠋ᠨ ᠣᠬᠣᠷᠬᠠᠨ ᠵᠠᠢ
ᠪᠣᠳᠣᠯ ᠤ᠋ᠨ ᠴᠡᠪᠡᠷᠬᠡᠨ ᠮᠥᠷᠥᠭᠡᠳᠦᠯ
ᠣᠲᠣᠷ ᠤ᠋ᠨ ᠣᠬᠣᠷᠬᠠᠨ ᠵᠠᠢ
ᠰᠤᠳᠠᠯ ᠤ᠋ᠨ ᠲᠠᠶ᠋ᠢᠪᠤᠭᠤᠬᠠᠨ ᠯᠤᠭᠰᠢᠯ

      2022.1.10 ᠦᠳᠡ ᠳ᠋ᠦ᠍


   ᠦᠰᠦᠭ ᠬᠠᠲᠠᠵᠤ ᠠᠮᠢᠯᠠᠭᠰᠠᠨ ᠨᠢ᠄ 
ᠬᠠᠷᠬᠠᠲᠠᠨ  ᠴᠢᠷᠮᠠᠶ᠋ᠢᠯᠲᠤ
   ᠬᠢᠨᠠᠭᠴᠢ᠄ ᠢᠷᠡᠭᠡᠳᠦᠢ