ᠽᠠᠨᠳᠠᠨ ᠬᠦᠷᠡᠩ-ᠣᠷᠳᠣᠰ ᠠᠷᠠᠳ ᠤᠨ ᠳᠠᠭᠤᠤ005Зандан хүрэн ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠽᠠᠨᠳᠠᠨ ᠬᠦᠷᠡᠩ-ᠣᠷᠳᠣᠰ ᠠᠷᠠᠳ ᠤᠨ ᠳᠠᠭᠤᠤ005Зандан хүрэн

ᠽᠠᠨᠳᠠᠨ ᠬᠦᠷᠡᠩ-ᠣᠷᠳᠣᠰ ᠠᠷᠠᠳ ᠤᠨ ᠳᠠᠭᠤᠤ005Зандан хүрэн

2023-06-22

323

ᠽᠠᠨᠳᠠᠨ ᠬᠦᠷᠡᠩ

ᠽᠠᠨᠳᠠᠨ ᠬᠦᠷᠡᠩ ᠢ᠋ᠶ᠋ᠡᠨ ᠤᠨᠤᠶ᠎ᠠ ᠳ᠋ᠣᠣ 
ᠽᠠᠨᠳᠠᠨ ᠵᠣᠣ ᠳ᠋ᠤ᠌ ᠪᠠᠨ ᠮᠣᠷᠳᠠᠶ᠎ᠠ ᠳᠠ 
ᠽᠠᠮᠪᠤᠲᠢᠪ ᠤ᠋ᠨ ᠠᠮᠢᠲᠠᠳ 
ᠠᠮᠤᠷ ᠵᠢᠷᠭᠠᠯ ᠪᠣᠯᠲᠤᠭᠠᠢ 

ᠮᠥᠰᠥᠨ ᠳᠡᠭᠡᠭᠦᠷ ᠭᠦᠶᠦᠳᠡᠯ ᠲᠡᠢ 
ᠮᠥᠩᠭᠥᠨ ᠴᠣᠬᠣᠷ ᠮᠣᠷᠢ ᠯᠠ ᠮᠢᠨᠢ 
ᠮᠥᠩᠭᠥ ᠱ᠌ᠢᠷᠦ ᠪᠡᠷ ᠴᠢᠮᠡᠭᠰᠡᠨ 
ᠬᠡᠦᠬᠡᠨ ᠦᠷ᠎ᠡ ᠮᠢᠨᠢ ᠬᠥᠮᠦᠨ ᠦ᠌ ᠳ᠋ᠦ᠍ 

ᠮᠠᠩᠬᠠᠨ ᠳᠡᠭᠡᠭᠦᠷ ᠭᠦᠶᠦᠳᠡᠯ ᠲᠡᠢ 
ᠮᠠᠩᠨᠠᠢ ᠬᠠᠯᠵᠠᠨ ᠮᠣᠷᠢ ᠯᠠ ᠮᠢᠨᠢ  
ᠮᠠᠩᠨᠤᠭ ᠱ᠌ᠢᠷᠦ ᠪᠡᠷ ᠴᠢᠮᠡᠭᠰᠡᠨ 
ᠬᠡᠦᠬᠡᠨ ᠦᠷ᠎ᠡ ᠮᠢᠨᠢ ᠬᠥᠮᠦᠨ ᠦ᠌ ᠳ᠋ᠦ᠍ 

ᠰᠤᠭᠤᠯ ᠳᠤᠮᠳᠠᠭᠤᠷ ᠭᠦᠶᠦᠳᠡᠯ ᠲᠡᠢ 
ᠰᠤᠬᠠᠢ ᠵᠡᠭᠡᠷᠳᠡ ᠮᠣᠷᠢ ᠯᠠ ᠮᠢᠨᠢ 
ᠰᠤᠪᠤᠳ ᠱ᠌ᠢᠷᠦ ᠪᠡᠷ ᠴᠢᠮᠡᠭᠰᠡᠨ 
ᠬᠡᠦᠬᠡᠨ ᠦᠷ᠎ᠡ ᠮᠢᠨᠢ ᠬᠥᠮᠦᠨ ᠦ᠌ ᠳ᠋ᠦ᠍ 

ᠠᠯᠲᠠᠨ ᠲᠣᠪᠴᠢ ᠪᠠᠢᠲᠠᠯ᠎ᠠ
ᠠᠯᠳᠠᠷᠠᠨ᠎ᠠ ᠭᠡᠳᠡᠭ ᠨᠢ ᠶᠠᠭᠤᠨ ᠠ᠋ᠴᠠ ᠪᠣᠢ
ᠠᠳᠠᠯᠢᠬᠠᠨ ᠦᠷ᠎ᠡ ᠪᠠᠢᠭᠰᠠᠭᠠᠷ
ᠢᠯᠭᠠᠨ ᠰᠠᠯᠭᠠᠨ᠎ᠠ ᠭᠡᠳᠡᠭ ᠨᠢ ᠶᠠᠭᠤᠨ ᠠ᠋ᠴᠠ ᠪᠣᠢ

ᠮᠥᠩᠭᠥᠨ ᠲᠣᠪᠴᠢ ᠪᠠᠢᠲᠠᠯ᠎ᠠ
ᠮᠥᠯᠲᠥᠷᠡᠨ᠎ᠡ ᠭᠡᠳᠡᠭ ᠨᠢ ᠶᠠᠭᠤᠨ ᠠ᠋ᠴᠠ ᠪᠣᠢ
ᠮᠥᠨᠴᠦ ᠦᠷ᠎ᠡ ᠪᠠᠢᠭᠰᠠᠭᠠᠷ
ᠢᠯᠭᠠᠨ ᠰᠠᠯᠭᠠᠨ᠎ᠠ ᠭᠡᠳᠡᠭ ᠨᠢ ᠶᠠᠭᠤᠨ ᠠ᠋ᠴᠠ ᠪᠣᠢ

ᠭᠤᠷᠪᠠᠨ ᠴᠤ᠌ ᠳᠠᠪᠠᠭ᠎ᠠ ᠶ᠋ᠢ ᠳᠠᠪᠠᠭᠠᠳᠤᠢ
ᠭᠤᠲᠤᠯ ᠮᠢᠨᠢ ᠡᠯᠡᠭᠳᠡᠯ᠎ᠡ
ᠭᠤᠷᠪᠠᠨ ᠴᠤ᠌ ᠰᠠᠷ᠎ᠠ ᠪᠣᠯᠤᠭᠰᠠᠨ ᠦᠭᠡᠢ
ᠡᠵᠢ ᠠᠪᠤ ᠪᠠᠨ ᠰᠠᠨᠠᠯ᠎ᠠ

ᠳᠥᠷᠪᠡᠨ ᠴᠦ᠍ ᠳᠠᠪᠠᠭ᠎ᠠ ᠶ᠋ᠢ ᠳᠠᠪᠠᠭᠠᠳᠤᠢ
ᠳᠥᠷᠥᠭᠡ ᠮᠢᠨᠢ ᠡᠯᠡᠭᠳᠡᠯ᠎ᠡ
ᠳᠥᠷᠪᠡᠨ ᠴᠦ᠍ ᠰᠠᠷ᠎ᠠ ᠪᠣᠯᠤᠭᠰᠠᠨ ᠦᠭᠡᠢ
ᠡᠵᠢ ᠠᠪᠤ ᠪᠠᠨ ᠰᠠᠨᠠᠯ᠎ᠠ

ᠳᠣᠯᠣᠭᠠᠨ ᠴᠤ᠌ ᠳᠠᠪᠠᠭ᠎ᠠ ᠶ᠋ᠢ ᠳᠠᠪᠠᠭᠠᠳᠤᠢ
ᠲᠣᠬᠣᠢ ᠮᠢᠨᠢ ᠮᠢᠨᠢ ᠡᠯᠡᠭᠳᠡᠯ᠎ᠡ
ᠳᠣᠯᠣᠭᠠᠨ ᠴᠤ᠌ ᠰᠠᠷ᠎ᠠ ᠪᠣᠯᠤᠭᠰᠠᠨ ᠦᠭᠡᠢ
ᠡᠵᠢ ᠠᠪᠤ ᠪᠠᠨ ᠰᠠᠨᠠᠯ᠎ᠠ

ᠵᠣᠷᠢᠭ ᠰᠠᠢᠲᠤ ᠵᠡᠭᠡᠷᠳᠡ ᠪᠡᠨ
ᠵᠣᠭᠰᠣᠭᠠᠯ ᠦᠭᠡᠢ ᠤᠨᠤᠶ᠎ᠠ ᠳ᠋ᠣᠣ
ᠵᠣᠣ(ᠯᠠ) ᠪᠣᠭᠳᠠ ᠶ᠋ᠢᠨ ᠭᠡᠭᠡᠨ ᠳ᠋ᠦ᠍ ᠪᠡᠨ
ᠵᠣᠷᠢᠭᠯᠠᠨ ᠪᠠᠢᠵᠤ ᠮᠥᠷᠭᠥᠶ᠎ᠡ ᠳ᠋ᠣᠣ