ᠰᠢᠯᠦᠭ ᠮᠢᠨᠢ ᠪᠣᠰ - ᠠᠷᠲᠠᠢ Шүлэг минь бос - Артай ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠯᠦᠭ ᠮᠢᠨᠢ ᠪᠣᠰ - ᠠᠷᠲᠠᠢ Шүлэг минь бос - Артай

ᠰᠢᠯᠦᠭ ᠮᠢᠨᠢ ᠪᠣᠰ - ᠠᠷᠲᠠᠢ Шүлэг минь бос - Артай

2023-06-21

252

ᠰᠢᠯᠦᠭ ᠮᠢᠨᠢ ᠪᠣᠰ


 ᠰᠢᠯᠦᠭ ᠮᠢᠨᠢ ᠪᠣᠰ !
 ᠬᠥᠶᠢ ᠂ ᠥᠷᠯᠥᠭᠡ ᠪᠣᠯᠴᠢᠬᠠᠵᠤ ᠰᠢᠦ!
 ᠪᠣᠰ!  ᠪᠣᠰ!
 ᠨᠠᠷᠠ ᠤᠨᠲᠠᠭᠠᠳ ᠪᠣᠰᠴᠢᠬᠠᠯ᠎ᠠ ᠃ 
 ᠨᠠᠪᠴᠢ ᠤᠨᠲᠠᠭᠠᠳ ᠪᠣᠰᠴᠢᠬᠠᠯ᠎ᠠ ᠃ 
 ᠨᠠᠭᠠᠳᠤ ᠵᠠᠯᠠ ᠳᠡᠭᠡᠷ᠎ᠡ ᠬᠣᠨᠣᠭᠰᠠᠨ ᠮᠠᠨᠠᠨ ᠴᠦ᠍ 
 ᠨᠠᠭᠠᠳᠬᠤ ᠪᠠᠷ ᠪᠣᠰᠤᠭᠠᠳ ᠶᠠᠪᠤᠴᠢᠬᠠᠯ᠎ᠠ ᠃ 
 ᠥᠷᠯᠥᠭᠡ ᠪᠣᠯᠴᠢᠬᠠᠵᠠᠢ᠃ 
 ᠥᠷᠭᠡᠨ ᠲᠠᠯ᠎ᠠ ᠪᠣᠰᠴᠢᠬᠠᠵᠠᠢ ᠃ 
 ᠥᠷᠭᠥᠭᠡ ᠴᠠᠭᠠᠨ ᠭᠡᠷ ᠦ᠋ᠨ ᠮᠢᠨᠢ 
 ᠥᠩᠭᠡ ᠨᠢ ᠴᠡᠩᠬᠡᠷ ᠤᠲᠤᠭ᠎ᠠ  ᠴᠤ᠌ 
 ᠥᠭᠡᠳᠡ  ᠪᠡᠨ ᠪᠣᠰᠤᠭᠠᠨ ᠶᠠᠪᠤᠵᠤ ᠪᠠᠢᠨ᠎ᠠ ᠃ 
 ᠡᠮᠦᠨ᠎ᠡ ᠠᠢᠯ ᠤ᠋ᠨ ᠳᠠᠯᠠᠨ ᠨᠠᠰᠤ  ᠲᠠᠢ 
 ᠡᠪᠦᠭᠡᠨ ᠲᠠᠮᠪᠠ ᠴᠤ᠌ ᠪᠣᠰᠴᠢᠭᠠᠳ 
 ᠥᠷᠥᠭᠡᠯ ᠲᠡᠢ ᠮᠣᠷᠢᠨ ᠳ᠋ᠠᠭᠠᠨ ᠶᠠᠪᠤᠵᠤ ᠪᠠᠢᠨ᠎ᠠ ᠃ 
 ᠰᠦ ᠪᠣᠰᠤᠭᠠᠳ ᠰᠠᠭᠤᠯᠠᠭ᠎ᠠ ᠤᠷᠤᠭᠤ ᠶᠠᠪᠤᠵᠤ ᠪᠠᠢᠨ᠎ᠠ ᠃ 
 ᠰᠦᠷᠦᠭ ᠪᠣᠰᠤᠭᠠᠳ ᠪᠡᠯᠴᠢᠭᠡᠷ ᠤᠷᠤᠭᠤ ᠶᠠᠪᠤᠵᠤ ᠪᠠᠢᠨ᠎ᠠ ᠃ 
 ᠰᠢᠭᠦᠳᠡᠷᠢ ᠪᠣᠰᠤᠭᠠᠳ ᠨᠠᠷᠠ ᠥᠭᠡᠳᠡ ᠶᠠᠪᠤᠵᠤ ᠪᠠᠢᠨ᠎ᠠ ᠃ 
 ᠰᠡᠳᠬᠢᠯ ᠪᠣᠰᠤᠭᠠᠳ ᠠᠵᠢᠯ ᠥᠭᠡᠳᠡ ᠶᠠᠪᠤᠵᠤ ᠪᠠᠢᠨ᠎ᠠ ᠃
 ᠰᠢᠯᠦᠭ ᠮᠢᠨᠢ ᠴᠢ ᠪᠣᠰ ᠂ ᠪᠣᠰ ! 
 ᠦᠭᠡᠢ ᠶᠡᠷᠦᠨᠢ ᠱᠠᠯᠠᠪᠬᠠᠨ ᠪᠣᠰ ᠭᠡᠮ ᠂ 
 ᠥᠷᠯᠥᠭᠡ ᠪᠣᠯᠴᠢᠬᠠᠵᠤ ᠰᠢᠦ ᠪᠣᠰ !