ᠮᠣᠩᠭᠣᠯ ᠦᠰᠦᠭ ᠤᠨ ᠡᠭᠡᠰᠢᠭ ᠳᠣᠯᠣᠭ᠎ᠠ- ᠲᠠᠨ᠎ᠠМонгол үсгийн эгшиг долоо-тана
ᠮᠣᠩᠭᠣᠯ ᠦᠰᠦᠭ ᠤᠨ ᠡᠭᠡᠰᠢᠭ ᠳᠣᠯᠣᠭ᠎ᠠ
ᠲᠠᠨ᠎ᠠ
ᠠ—
ᠠᠪᠤ ᠳᠡᠭᠡᠳᠦ ᠶ᠋ᠢᠨ ᠨᠤᠲᠤᠭ ᠮᠢᠨᠢ ᠮᠣᠩᠭᠣᠯ
ᠠᠷᠢᠭᠤᠨ ᠰᠠᠢᠬᠠᠨ ᠰᠣᠶᠣᠯ ᠮᠢᠨᠢ ᠮᠣᠩᠭᠣᠯ
ᠠᠲᠠᠷ ᠲᠠᠯ᠎ᠠ ᠶ᠋ᠢᠨ ᠪᠠᠭᠤᠴᠠ ᠮᠢᠨᠢ ᠮᠣᠩᠭᠣᠯ
ᠠᠰᠬ᠎ᠠ ᠪᠣᠰᠤᠭ᠎ᠠ ᠦᠰᠦᠭ ᠮᠢᠨᠢ ᠮᠣᠩᠭᠣᠯ
ᠠ᠋—
ᠡᠵᠢ ᠶ᠋ᠢᠨ ᠣᠶᠣᠭᠰᠠᠨ ᠲᠡᠷᠯᠢᠭ ᠮᠢᠨᠢ ᠮᠣᠩᠭᠣᠯ
ᠡᠯᠢᠭᠡᠨ ᠰᠠᠲᠤᠨ ᠲᠥᠷᠥᠯ ᠮᠢᠨᠢ ᠮᠣᠩᠭᠣᠯ
ᠡᠬᠡ ᠪᠠᠶ᠋ᠢᠭᠠᠯᠢ ᠶ᠋ᠢᠨ ᠦᠵᠡᠮᠵᠢ ᠮᠢᠨᠢ ᠮᠣᠩᠭᠣᠯ
ᠡᠭᠡᠵᠡᠭᠡᠢ ᠬᠤᠷᠤᠳ ᠢᠲᠡᠭᠡᠨ ᠮᠢᠨᠢ ᠮᠣᠩᠭᠣᠯ
ᠢ—
ᠢᠰᠡᠭᠡᠢ ᠴᠠᠭᠠᠨ ᠥᠷᠥᠭᠡ ᠮᠢᠨᠢ ᠮᠣᠩᠭᠣᠯ
ᠢᠲᠡᠷ ᠬᠦᠴᠦ ᠲᠡᠢ ᠪᠥᠬᠡᠴᠢᠨ ᠮᠢᠨᠢ ᠮᠣᠩᠭᠣᠯ
ᠢᠩᠭᠡᠨ ᠲᠡᠮᠡᠭᠡᠨ ᠪ ᠪᠤᠶ᠋ᠢᠯᠠᠬ᠋ᠠ ᠮᠢᠨᠢ ᠮᠣᠩᠭᠣᠯ
ᠢᠵᠢᠯᠢ ᠵᠠᠶᠠᠭ᠎ᠠ ᠲᠠᠢ ᠪᠦᠰᠡᠭᠦᠢ ᠮᠢᠨᠢ ᠮᠣᠩᠭᠣᠯ
ᠣ—
ᠣᠯᠠᠨ ᠵᠢᠯ ᠦ᠋ᠨ ᠲᠡᠦᠬᠡ ᠮᠢᠨᠢ ᠮᠣᠩᠭᠣᠯ
ᠣᠴᠢ ᠴᠣᠭ ᠲᠠᠢ ᠲᠤᠯᠭ᠎ᠠ ᠮᠢᠨᠢ ᠮᠣᠩᠭᠣᠯ
ᠣᠲᠣᠷ ᠨᠡᠭᠦᠲᠡᠯ ᠲᠡᠢ ᠵᠠᠩᠰᠢᠯ ᠮᠢᠨᠢ ᠮᠣᠩᠭᠣᠯ
ᠣᠨᠴᠠᠭᠠᠢ ᠭᠣᠶᠣᠯᠠᠯ ᠲᠠᠢ ᠵᠠᠰᠠᠯ ᠮᠢᠨᠢ ᠮᠣᠩᠭᠣᠯ
ᠣ—
ᠤᠲᠤᠮ ᠵᠠᠯᠠᠭᠠᠬᠤ ᠦᠨᠲᠦᠰᠦ ᠮᠢᠨᠢ ᠮᠣᠩᠭᠣᠯ
ᠤᠷᠭ᠎ᠠ ᠲᠤᠯᠤᠭᠰᠠᠨ ᠠᠭᠤᠯᠵᠠᠯᠲᠠ ᠮᠢᠨᠢ ᠮᠣᠩᠭᠣᠯ
ᠤᠷᠤᠭ ᠬᠤᠷᠢᠮ ᠤ᠋ᠨ ᠤᠯᠠᠮᠵᠢᠯᠠᠯ ᠮᠢᠨᠢ ᠮᠣᠩᠭᠣᠯ
ᠤᠶᠠᠩᠭ᠎ᠠ ᠳᠠᠭᠤᠤ ᠶ᠋ᠢᠨ ᠡᠭᠡᠰᠢᠭ ᠮᠢᠨᠢ ᠮᠣᠩᠭᠣᠯ
ᠥ—
ᠥᠩᠭᠡ ᠲᠡᠢ ᠲᠣᠷᠭᠠᠨ ᠬᠠᠲᠠᠭ ᠮᠢᠨᠢ ᠮᠣᠩᠭᠣᠯ
ᠥᠭᠡᠳᠡ ᠪᠡᠯᠭᠡ ᠲᠡᠢ ᠢᠷᠦᠭᠡᠯ ᠮᠢᠨᠢ ᠮᠣᠩᠭᠣᠯ
ᠥᠰᠬᠦ ᠡᠴᠡ ᠰᠤᠷᠤᠭᠰᠠᠨ ᠬᠡᠯᠡ ᠮᠢᠨᠢ ᠮᠣᠩᠭᠣᠯ
ᠥᠨᠢᠷ ᠪᠠᠶᠠᠯᠢᠭ ᠭᠠᠷᠤᠯᠲᠠ ᠮᠢᠨᠢ ᠮᠣᠩᠭᠣᠯ
ᠥ—
ᠦᠵᠡᠵᠦ ᠤᠩᠰᠢᠬᠤ ᠨᠣᠮ ᠮᠢᠨᠢ ᠮᠣᠩᠭᠣᠯ
ᠦᠨᠦᠷ ᠬᠠᠩᠬᠤᠯᠤᠭᠠ ᠰᠢᠭᠦᠰᠦ ᠮᠢᠨᠢ ᠮᠣᠩᠭᠣᠯ
ᠦᠨᠡᠨ ᠴᠠᠶ᠋ᠢᠯᠭᠠᠨ ᠰᠡᠤᠠᠬᠢᠯ ᠮᠢᠨᠢ ᠮᠣᠩᠭᠣᠯ
ᠦᠷ᠎ᠡ ᠬᠡᠦᠬᠡᠳ ᠬᠣᠶ᠋ᠢᠴᠢᠰ ᠮᠢᠨᠢ ᠮᠣᠩᠭᠣᠯ
ᠦᠰᠦᠭ ᠠᠮᠢᠯᠠᠭᠤᠯᠤᠭᠴᠢ᠄ ᠬᠣᠨᠢᠴᠢᠨ ᠪᠦᠰᠡᠭᠦᠢ
ᠬᠢᠨᠠᠭᠴᠢ᠄ ᠣᠤᠠᠬᠠᠨᠰᠣ ᠠ᠋
