ᠠᠪᠤ ᠶᠢᠨ ᠲᠤᠬᠠᠢ ᠳᠠᠭᠤᠨ ᠤ ᠫᠣᠫᠦᠷᠢ ᠰᠠᠢᠬᠠᠨ ᠳᠠᠭᠤᠯᠠᠳᠠᠭ ᠵᠠᠯᠠᠭᠤᠰАавын тухай дууны попури Сайхан дуулдаг залуус ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠤ ᠶᠢᠨ ᠲᠤᠬᠠᠢ ᠳᠠᠭᠤᠨ ᠤ ᠫᠣᠫᠦᠷᠢ ᠰᠠᠢᠬᠠᠨ ᠳᠠᠭᠤᠯᠠᠳᠠᠭ ᠵᠠᠯᠠᠭᠤᠰАавын тухай дууны попури Сайхан дуулдаг залуус

ᠠᠪᠤ ᠶᠢᠨ ᠲᠤᠬᠠᠢ ᠳᠠᠭᠤᠨ ᠤ ᠫᠣᠫᠦᠷᠢ ᠰᠠᠢᠬᠠᠨ ᠳᠠᠭᠤᠯᠠᠳᠠᠭ ᠵᠠᠯᠠᠭᠤᠰАавын тухай дууны попури Сайхан дуулдаг залуус

ᠠᠩᠭᠢᠯᠠᠯ:ᠳᠠᠭᠤᠤ ᠬᠥᠭᠵᠢᠮ
2023-06-21

509

ᠠᠪᠤ ᠶ᠋ᠢᠨ ᠲᠤᠬᠠᠢ ᠳᠠᠭᠤᠤ ᠨᠤᠭᠤᠳ 

ᠠᠪᠤ ᠮᠢᠨᠢ
   ᠰᠢᠯᠦᠭ᠄ ᠯ· ᠭᠠᠷᠪᠤᠰᠥ᠋ᠷᠦᠩ
   ᠠᠶ᠎ᠠ᠄ ᠰ· ᠴᠡᠷᠡᠩᠴᠢᠮᠡᠳ
   ᠳᠠᠭᠤᠴᠢᠨ᠄ ᠠᠩᠬ᠎ᠠ· ᠡᠷᠳᠡᠮ· ᠴᠣᠮᠣᠭ· ᠰᠠᠷᠠᠭᠤᠯ· ᠬᠡᠰᠢᠭ

ᠬᠡᠨ ᠳᠦ ᠴᠦ᠍ ᠪᠡᠨ ᠨᠢᠭᠡ ᠯᠡ ᠵᠠᠩ ᠢ᠋ᠶ᠋ᠠᠷ ᠢ᠋ᠶ᠋ᠠᠨ
ᠬᠡ ᠥᠬᠡᠢ ᠭᠦᠳᠦᠰᠬᠡᠨ ᠠᠪᠤ ᠮᠢᠨᠢ
ᠳᠠᠯᠳᠠᠬᠠᠨ ᠨᠢᠭᠤᠭᠰᠠᠨ ᠬᠠᠢᠷᠠᠨ ᠳᠦ ᠪᠠᠨ
ᠲᠠᠩᠳᠠ ᠥᠯᠥᠭᠡᠢ ᠲᠡᠢ ᠥᠰᠬᠡᠯ᠎ᠡ ᠳᠡ
ᠦᠭᠡ ᠦᠭᠡᠢ ᠵᠢᠮᠡᠯᠡᠭᠰᠡᠨ ᠬᠠᠷᠠᠴᠠ ᠠ᠋ᠴᠠ
ᠦᠨᠡᠨ ᠤ ᠤᠬᠠᠭᠠᠷᠠᠯ ᠢ᠋ ᠠᠪᠤᠯ᠎ᠠ ᠤᠤ ᠳᠠ
ᠥᠪᠡᠷ ᠦ᠋ᠨ ᠢᠶᠡᠨ ᠬᠠᠢᠷᠠᠨ ᠳᠤ ᠥᠯᠥᠭᠡᠢᠳᠡᠭᠡᠳ
ᠥᠲᠡᠯᠬᠦ ᠳ᠋ᠦ᠍ ᠨᠢ ᠵᠢᠷᠭᠠᠭᠠᠵᠤ ᠴᠢᠳᠠᠨ᠎ᠠ ᠤᠤ ᠳᠠ ᠬᠦ

ᠠᠪᠤ ᠳ᠋ᠠᠭᠠᠨ

ᠠᠷᠪᠢᠨ ᠡᠷᠳᠡᠮ ᠡᠴᠡ ᠰᠤᠷᠤᠯᠴᠠᠭᠠᠷᠠᠢ ᠭᠡᠵᠦ
ᠠᠯᠤᠰ ᠤ᠋ᠨ ᠵᠠᠮ ᠳ᠋ᠤ᠌ ᠬᠦᠦ ᠪᠡᠨ  ᠤᠳᠡᠵᠦ ᠳᠡ
ᠬᠣᠯᠠ ᠶ᠋ᠢᠨ ᠬᠣᠯᠠ ᠳ᠋ᠤ᠌ ᠬᠠᠨᠢ ᠪᠣᠯᠬᠤ
ᠬᠣᠶᠠᠷ ᠦᠭᠡᠢ ᠦᠭᠡ ᠪᠡᠨ ᠵᠠᠬᠢᠵᠤ ᠬᠡᠯᠡᠭᠰᠡᠨ
ᠡᠷ᠎ᠡ ᠬᠥᠮᠦᠨ ᠦ᠌ ᠴᠢᠨᠠᠷ ᠢ᠋ᠶ᠋ᠠᠷ ᠪᠠᠶᠠᠨ
ᠡᠭᠡᠯᠢ ᠲᠡᠢ ᠰᠠᠢᠬᠠᠨ ᠠᠪᠤ ᠮᠢᠨᠢ ᠠ᠋

ᠠᠪᠤ ᠶ᠋ᠢᠨ ᠳᠤᠷᠠᠰᠤᠮᠵᠢ

   ᠦᠭᠡ᠂ ᠠᠶ᠎ᠠ᠄ ᠶ᠋ᠢᠨ· ᠡᠩᠬᠡᠲᠠᠢᠪᠤᠩ

ᠪᠤᠭᠤᠷᠤᠯ ᠠᠯᠲᠠᠢ ᠶ᠋ᠢᠨ ᠶᠠᠩᠭᠢᠷ ᠭᠥᠷᠥᠭᠡᠰᠦ
ᠪᠤᠳᠠᠩᠲᠤ ᠬᠠᠩᠭᠠᠢ ᠶ᠋ᠢᠨ ᠬᠠᠩᠭᠠᠯ ᠪᠤᠭᠤ ᠨᠢ
ᠢᠳᠡᠷ ᠨᠠᠰᠤ ᠲᠠᠢ ᠠᠪᠤ ᠶ᠋ᠢᠨ ᠮᠢᠨᠢ
ᠬᠦᠳᠡᠷ ᠴᠢᠭᠢᠷᠠᠭ ᠲᠦ᠍ ᠨᠢ ᠰᠥᠭᠥᠳᠦᠨ ᠲᠥᠷᠥᠭᠰᠡᠨ
ᠠᠪᠤ ᠮᠢᠨᠢ᠂ ᠠᠪᠤ ᠮᠢᠨᠢ
ᠠᠩᠴᠢᠨ ᠭᠥᠷᠥᠭᠡᠴᠢᠨ ᠶᠠᠪᠤᠭᠰᠠᠨ ᠶᠤᠮ ᠰᠠᠨ

ᠬᠠᠩᠭᠠᠢ ᠶ᠋ᠢᠨ ᠳᠠᠭᠤᠤ
   ᠦᠭᠡ᠄ ᠳ·ᠮᠢᠭᠮᠠᠷᠰᠦ᠋ᠷᠦᠩ
   ᠠᠶ᠎ᠠ᠄ ᠳ· ᠴᠠᠳᠠᠨᠳᠠᠮᠪᠠ
ᠪᠤᠳᠠᠩ ᠲᠠᠲᠠᠭᠠᠳ ᠤᠨᠢᠶᠠᠷᠲᠤᠭᠰᠠᠨ
ᠪᠤᠭᠤᠷᠤᠯ ᠬᠠᠩᠭᠠᠢ ᠶ᠋ᠢᠨ ᠰᠠᠢᠬᠠᠨ ᠢ᠋ ᠬᠦ
ᠪᠠᠭᠤᠷᠢ ᠨᠢ ᠬᠦᠷᠲᠡᠯ᠎ᠡ ᠠᠷᠢᠯᠤᠭ᠎ᠠ ᠦᠭᠡᠢ 
ᠪᠤᠭᠤᠷᠤᠯ ᠠᠪᠤ ᠶ᠋ᠢᠨ ᠮᠢᠨᠢ ᠨᠤᠲᠤᠭ ᠠ᠋ ᠬᠦ
ᠪᠤᠭᠤᠷᠤᠯ ᠠᠪᠤ ᠶᠢᠨ ᠨᠤᠲᠤᠭ ᠢᠶᠡᠷ
ᠪᠠᠭᠤᠵᠤ ᠮᠣᠷᠳᠠᠭᠠᠳ ᠶᠠᠪᠤᠭᠠᠷᠠᠢ

ᠮᠢᠨᠦ ᠠᠪᠤ ᠠᠳᠤᠭᠤᠴᠢᠨ ᠬᠥᠮᠦᠨ

ᠠᠮᠢᠨ ᠬᠠᠢᠷᠠᠲᠠᠢ ᠮᠢᠨᠦ ᠠᠪᠤ ᠠ᠋
ᠠᠳᠤᠭᠤᠨ ᠤ ᠪᠠᠨ ᠪᠡᠯᠴᠢᠭᠡᠷ ᠲᠦ᠍ ᠳᠠᠭᠤᠯᠠᠳᠠᠭ ᠬᠥᠮᠦᠨ ᠪᠠᠢᠭᠰᠠᠨ
ᠪᠠᠭ᠎ᠠ ᠨᠠᠰᠤᠨ ᠠ᠋ᠴᠠ ᠴᠢᠬᠢᠨ ᠳ᠋ᠦ᠍ ᠬᠣᠨᠣᠭᠰᠢᠭᠠᠳ
ᠪᠠᠷᠭᠢᠯ ᠬᠣᠭᠣᠯᠠᠢ ᠲᠠᠢ ᠳᠠᠭᠤᠴᠢᠨ ᠬᠥᠮᠦᠨ ᠪᠠᠢᠭᠰᠠᠨ
ᠮᠢᠨᠦ ᠠᠪᠤ ᠠᠳᠤᠭᠤᠴᠢᠨ ᠬᠥᠮᠦᠨ
ᠮᠢᠨᠦ ᠠᠪᠤ ᠳᠠᠭᠤᠴᠢᠨ ᠬᠥᠮᠦᠨ
ᠮᠢᠨᠦ ᠠᠪᠤ ᠠᠳᠤᠭᠤᠴᠢᠨ ᠬᠥᠮᠦᠨ
ᠮᠢᠨᠦ ᠠᠪᠤ ᠳᠠᠭᠤᠴᠢᠨ ᠬᠥᠮᠦᠨ

ᠠᠪᠤ ᠪᠠᠨ ᠳᠠᠭᠤᠯᠠᠶ᠎ᠠ

ᠥᠨᠳᠥᠷ ᠨᠠᠰᠤ ᠶ᠋ᠢ ᠨᠠᠰᠤᠯᠠᠭᠰᠠᠨ
ᠡᠪᠦᠭᠡᠨ ᠪᠤᠭᠤᠷᠤᠯ ᠠᠪᠤ ᠮᠢᠨᠢ ᠳᠡ
ᠥᠨᠥ ᠬᠦᠷᠲᠡᠯ᠎ᠡ ᠪᠢᠳᠡᠨ ᠢ᠋ᠶ᠋ᠡᠨ ᠲᠡᠳᠬᠦᠭᠰᠡᠨ
ᠥᠭᠭᠢᠶᠡᠮᠦᠷ ᠠᠴᠢᠲᠠᠢ ᠠᠪᠤ ᠮᠢᠨᠢ ᠳᠡ
ᠠᠪᠤ ᠪᠠᠨ ᠪᠢ ᠳᠠᠭᠤᠯᠠᠨ᠎ᠠ
ᠠᠪᠤ ᠪᠠᠨ ᠪᠢ ᠳᠤᠷᠠᠰᠤᠨ᠎ᠠ
ᠠᠮᠢᠳᠤᠷᠠᠯ ᠤ᠋ᠨ ᠤᠬᠠᠭᠠᠨ ᠢ᠋ ᠰᠡᠳᠬᠢᠯ ᠳ᠋ᠦ᠍ ᠤᠷᠭᠤᠭᠤᠯᠤᠭᠰᠠᠨ
ᠠᠴᠢᠲᠠᠢᠬᠠᠨ ᠠᠪᠤ ᠶᠢ ᠪᠡᠨ ᠳᠠᠭᠤᠯᠠᠵᠤ ᠶᠠᠪᠤᠨ᠎ᠠ ᠪᠢ

ᠠᠪᠤ ᠮᠢᠨᠢ

ᠤᠷᠤᠭ ᠨᠢᠭᠡᠲᠡᠢ ᠮᠣᠩᠭᠣᠯ ᠲᠦᠮᠡᠨ ᠦ᠌
ᠤᠷᠭ᠎ᠠ ᠪᠠᠷᠢᠭᠰᠠᠨ ᠠᠳᠤᠭᠤᠴᠢᠨ ᠤ᠋ ᠤᠳᠤᠮ
ᠲᠤᠵᠢ ᠶᠢᠨ ᠨᠠᠷᠠ ᠠ᠋ᠴᠠ ᠬᠠᠯᠬ᠎ᠠ ᠶ᠋ᠢᠨ ᠭᠣᠣᠯ ᠳ᠋ᠤ᠌ ᠪᠠᠨ
ᠤᠤᠬᠠᠢ ᠳᠠᠭᠤᠯᠠᠭᠰᠠᠨ ᠴᠡᠷᠢᠭ ᠪᠠᠢᠳᠠᠭ
ᠠᠪᠤ ᠮᠢᠨᠢ ᠲᠠ
ᠵᠠᠭᠤᠨ ᠵᠠᠭᠤᠨ ᠳ᠋ᠤ᠌ ᠲᠠᠰᠤᠷᠠᠭ᠎ᠠ ᠦᠭᠡᠢ ᠠᠮᠢ ᠲᠠ
ᠠᠪᠤ ᠮᠢᠨᠢ ᠲᠠ ᠠᠮᠢᠳᠤᠷᠠᠯ ᠲᠡᠮᠡᠴᠡᠯ ᠳ᠋ᠦ᠍ ᠨᠤᠭᠤᠷᠠᠭ᠎ᠠ ᠦᠭᠡᠢ ᠨᠢᠷᠤᠭᠤ
ᠵᠠᠭᠤᠨ ᠵᠠᠭᠤᠨ ᠳ᠋ᠤ᠌ ᠲᠠᠰᠤᠷᠠᠭ᠎ᠠ ᠦᠭᠡᠢ ᠠᠮᠢ ᠲᠠ
ᠠᠪᠤ ᠮᠢᠨᠢ ᠲᠠ ᠠᠮᠢᠳᠤᠷᠠᠯ ᠲᠡᠮᠡᠴᠡᠯ ᠳ᠋ᠦ᠍ ᠨᠤᠭᠤᠷᠠᠭ᠎ᠠ ᠦᠭᠡᠢ ᠨᠢᠷᠤᠭᠤ
ᠠᠪᠤ ᠮᠢᠨᠢ ᠲᠠ ᠠᠮᠢᠳᠤᠷᠠᠯ ᠲᠡᠮᠡᠴᠡᠯ ᠳ᠋ᠦ᠍ ᠨᠤᠭᠤᠷᠠᠭ᠎ᠠ ᠦᠭᠡᠢ ᠨᠢᠷᠤᠭᠤ

   ᠦᠰᠦᠭ ᠠᠮᠢᠯᠠᠭᠤᠯᠤᠭᠰᠠᠨ ᠨᠢ᠄ ᠪᠦᠷᠢᠨᠵᠢᠷᠭᠠᠯ
   ᠦᠰᠦᠭ ᠬᠠᠲᠠᠭᠰᠠᠨ ᠨᠢ᠄ ᠪᠦᠷᠢᠨᠵᠢᠷᠭᠠᠯ
   ᠬᠢᠨᠠᠭᠴᠢ ᠄ ᠵᠢᠨ ᠬᠠᠢ· ᠣᠳᠬᠤᠩᠬᠤᠸᠠᠷ