5-5ᠲᠤᠪᠲᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠪᠣᠳᠣ ᠡᠪᠡᠳᠴᠢᠨ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 5-5ᠲᠤᠪᠲᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠪᠣᠳᠣ ᠡᠪᠡᠳᠴᠢᠨ

5-5ᠲᠤᠪᠲᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠪᠣᠳᠣ ᠡᠪᠡᠳᠴᠢᠨ

ᠠᠩᠭᠢᠯᠠᠯ:ᠡᠷᠡᠭᠦᠯ ᠡᠩᠬᠡ
2023-06-21

303

ᠲᠠᠪᠤ᠂ ᠪᠣᠳᠣ ᠡᠪᠡᠳᠴᠢᠨ

  ᠨᠢᠶᠠᠨ ᠬᠠᠯᠠᠭᠤᠨ᠂ ᠬᠢᠵᠢᠭ ᠡᠪᠡᠳᠴᠢᠨ ᠶᠡᠷᠦ ᠬᠢᠭᠡᠳ ᠢᠯᠠᠩᠭᠤᠶ᠎ᠠ ᠪᠣᠳᠣ ᠬᠢᠵᠢᠭ ᠪᠣᠯ ᠮᠠᠰᠢ ᠡᠲᠡᠭᠡᠳ ᠲᠤᠯᠠ ᠬᠠᠷ᠎ᠠ ᠨᠢ ᠬᠠᠯᠳᠠᠪᠤᠷᠢᠯᠠᠬᠤ ᠲᠦᠷᠭᠡᠨ᠂ ᠴᠠᠭᠠᠨ ᠨᠢ ᠬᠠᠯᠳᠠᠪᠤᠷᠢᠯᠠᠬᠤ ᠤᠳᠠᠭᠠᠨ᠂ ᠬᠠᠷ᠎ᠠ ᠪᠣᠳᠣ ᠶ᠋ᠢᠨ ᠵᠦᠢᠯ ᠠᠯᠢᠨ ᠪᠣᠯᠪᠠᠴᠤ ᠬᠢᠯᠪᠠᠷᠬᠠᠨ ᠬᠠᠯᠳᠠᠪᠤᠷᠢᠯᠠᠵᠤ ᠂ ᠡᠳᠡᠭᠡᠬᠦᠶ᠎ᠡ ᠪᠡᠷᠬᠡ᠂ ᠦᠬᠦᠬᠦ ᠨᠢ ᠣᠯᠠᠨ᠂ ᠲᠡᠶ᠋ᠢᠮᠦ ᠡᠴᠡ ᠰᠡᠷᠭᠡᠶ᠋ᠢᠯᠡᠬᠦ ᠪᠠ ᠠᠨᠠᠭᠠᠬᠤ ᠶ᠋ᠢᠨ ᠠᠷᠭ᠎ᠠ ᠳ᠋ᠤᠷ ᠰᠢᠮᠳᠠᠭᠲᠤᠨ᠃
ᠰᠠᠬᠢᠬᠤ ᠠᠷᠭ᠎ᠠ ᠨᠢ᠄ ᠮᠦᠽᠢ ᠂ ᠵᠢᠭᠠᠷ᠂ ᠰᠢᠩᠭᠦᠨ᠂ ᠵᠤᠭᠠᠩ ᠂ ᠴᠠᠭᠠᠨ ᠽᠠᠨᠳᠠᠨ᠂ ᠢᠮᠠᠭᠠᠨ ᠥᠭᠡᠬᠦ᠂ ᠴᠢᠰᠤ᠂ ᠶᠦᠩᠭᠠᠷ ( ᠴᠠᠭᠠᠨ ᠺᠠᠴᠢ )᠂ ᠶᠸᠷᠮ᠎ᠠ᠂ ᠴᠠᠭᠠᠨ ᠰᠠᠷᠢᠮᠰᠠᠭ᠂ ᠰᠡᠯᠲᠡ ᠶ᠋ᠢ ᠪᠣᠭᠣᠳᠠᠭ ᠬᠢᠵᠦ ᠵᠡᠭᠦᠪᠡᠰᠦ ᠪᠣᠳᠣ ᠬᠢᠵᠢᠭ ᠪᠦᠬᠦᠨ ᠊ᠢ ᠰᠡᠷᠭᠡᠶ᠋ᠢᠯᠡᠵᠦ ᠴᠢᠳᠠᠬᠤ ᠶᠤᠮ᠃ ᠡᠪᠡᠳᠴᠢᠨ ᠲᠡᠭᠦᠨ ᠦ᠌ ᠢᠯᠭᠠᠯ ᠊ᠢ ᠣᠯᠠᠨᠲᠠ ᠠᠶ᠋ᠢᠯᠠᠲᠤᠬᠰᠠᠨ ᠪᠣᠯᠪᠠᠴᠤ ᠬᠤᠷᠢᠶᠠᠪᠠᠰᠤ ᠴᠠᠭᠠᠨ ᠬᠠᠷ᠎ᠠ ᠬᠣᠶᠠᠷ ᠲᠤ᠌ ᠬᠤᠷᠢᠶᠠᠭᠳᠠᠮᠤᠢ ᠃ ᠴᠠᠭᠠᠨ ᠨᠢ ᠪᠡᠶ᠎ᠡ ᠳ᠋ᠦ᠍ ᠭᠠᠷᠴᠤ ᠳᠠᠭᠤᠰᠪᠠᠰᠤ ᠳᠠᠬᠢᠨ ᠦᠯᠦ ᠭᠠᠷᠤᠮᠤᠢ᠃ ᠬᠠᠷ᠎ᠠ ᠳ᠋ᠤᠨᠢ ᠦᠬᠡᠷ ᠦ᠋ᠨ ᠰᠢᠯᠢ ᠮᠡᠲᠦ ᠬᠠᠪᠤᠳᠬᠤ᠂ ᠬᠠᠴᠢᠭ ( ᠱᠠᠯᠵᠠ ) ᠨᠠᠭᠠᠯᠳᠤᠭᠰᠠᠨ ᠮᠡᠲᠦ᠂ ᠵᠡᠰ ᠬᠠᠳᠠᠭᠠᠰᠤ ᠶ᠋ᠢᠨ ᠭᠤᠤᠷᠰᠤ ᠮᠡᠲᠦ᠂ ᠪᠡᠶ᠎ᠡ ᠬᠠᠪᠤᠳᠬᠤ ᠂ ᠤᠯᠠᠭᠠᠨ ᠰᠤᠳᠠᠰᠤᠲᠤ ᠬᠠᠪᠲᠠᠭᠠᠢ ᠬᠠᠷ᠎ᠠ ᠨᠠᠭᠠᠯᠲᠤᠩᠭᠤᠢ ᠪᠣᠳᠣ ᠂ ᠵᠠᠯᠢᠲᠤ ᠬᠠᠷ᠎ᠠ ᠪᠣᠳᠣ ᠲᠡᠷᠢᠭᠦᠲᠡᠨ ᠣᠯᠠᠨ ᠨᠣᠮᠯᠠᠪᠠᠢ᠃ ᠡᠳᠡᠭᠡᠷ ᠦ᠋ᠨ ᠲᠣᠰᠪᠣᠷᠢ ᠳ᠋ᠤ᠌ ᠴᠤ᠌ ᠬᠦᠴᠦᠨ ᠶᠡᠬᠡ᠂ ᠬᠦᠴᠦᠨ ᠪᠠᠭ᠎ᠠ ᠭᠡᠵᠦ ᠬᠣᠶᠠᠷ ᠪᠠᠶ᠋ᠢᠬᠤ ᠭᠡᠮᠡᠨ ᠮᠡᠷᠭᠡᠳ ᠨᠣᠮᠯᠠᠭᠰᠠᠨ ᠪᠢᠯᠡ᠃
ᠲᠡᠭᠦᠨ ᠦ᠌ ᠰᠢᠨᠵᠢ ᠳ᠋ᠦ᠍ ᠶᠡᠷᠦ ᠬᠢᠭᠡᠳ ᠢᠯᠭᠠᠪᠤᠷᠢᠲᠠᠢ ᠭᠡᠵᠦ ᠬᠣᠶᠠᠷ ᠪᠣᠢ ᠃
ᠶᠡᠷᠦ ᠶ᠋ᠢᠨ ᠰᠢᠨᠵᠢ ᠨᠢ᠄ ᠲᠣᠯᠣᠭᠠᠢ ᠡᠪᠡᠳᠬᠦ ᠪᠠ ᠡᠷᠭᠢᠬᠦ᠂ ᠬᠣᠭᠣᠰᠣᠨ ᠢ᠋ᠶ᠋ᠠᠷ ᠣᠭᠰᠢᠬᠤ᠂ ᠵᠢᠬᠡᠭᠦᠴᠡᠬᠦ᠂ ᠰᠢᠳᠦ ᠪᠡᠨ ᠬᠠᠪᠢᠷᠬᠤ᠂ ᠵᠢᠷᠦᠬᠡ ᠳᠣᠯᠭᠢᠰᠴᠤ ᠳᠠᠭᠠᠷᠠᠳᠠᠰᠤ ᠬᠥᠷᠥᠮᠦᠢ ᠃ ᠨᠢᠳᠦ ᠪᠦᠷᠬᠦᠯᠵᠡᠨ ᠤᠯᠠᠶ᠋ᠢᠬᠤ ᠪᠤᠶᠤ ᠨᠢᠯᠪᠤᠰᠤ ᠴᠠᠶ᠋ᠢᠯᠠᠬᠤ᠂ ᠰᠢᠷ᠎ᠠ ᠪᠠᠷ ᠪᠥᠭᠡᠯᠵᠢᠬᠦ᠂ ᠭᠤᠶ᠎ᠠ ᠪᠡᠯᠬᠡᠭᠦᠰᠦ ᠬᠢᠭᠡᠳ ᠶᠠᠰᠤ ᠦᠯᠡᠮᠵᠢ ᠡᠪᠡᠳᠬᠦ᠂ ᠲᠠᠪᠤ᠂ ᠭᠤᠷᠪᠠᠨ ᠡᠳᠦᠷ ᠲᠦ᠍ ᠪᠦᠯᠢᠶᠡᠨ ᠭᠠᠵᠠᠷ ᠤ᠋ᠨ ᠪᠣᠳᠣ ( ᠴᠡᠴᠡᠭ) ᠨᠢ ᠨᠡᠪᠴᠢᠷᠡᠨ᠎ᠡ᠃ ᠲᠡᠷᠡ ᠴᠠᠭ ᠊ᠢ ᠳᠣᠲᠣᠷ ᠤ᠋ᠨ ᠬᠠᠯᠠᠭᠤᠨ ᠬᠡᠮᠡᠬᠦ ᠪᠣᠯᠠᠢ ᠃ ᠡᠳᠡᠭᠡᠷ ᠪᠦᠬᠦᠨ ᠪᠣᠳᠣ ᠡᠪᠡᠳᠴᠢᠨ ᠦ᠌ ᠶᠡᠷᠦ ᠶ᠋ᠢᠨ ᠪᠡᠯᠭᠡ ᠴᠢᠨᠠᠷ ᠮᠥᠨ ᠃ ᠢᠯᠠᠩᠭᠤᠶ᠎ᠠ ᠪᠣᠳᠣ ᠬᠢᠵᠢᠭ ᠪᠣᠯ ᠲᠣᠯᠣᠭᠠᠢ᠂ ᠪᠡᠶ᠎ᠡ ᠪᠦᠬᠦᠨ ᠡᠪᠡᠳᠴᠦ ᠂ ᠤᠷᠢᠳ ᠢ᠋ᠶ᠋ᠠᠷ ᠰᠤᠭᠤ᠂ ᠴᠠᠪᠢᠨ ᠤ᠋ ᠬᠣᠩᠬᠣᠷ ᠦ᠋ᠳ ᠲᠦ᠍ ᠨᠡᠪᠴᠢᠷᠡᠬᠦ᠂ ᠡᠨᠡ ᠡᠪᠡᠳᠴᠢᠨ ᠳᠣᠲᠣᠭᠰᠢᠯᠠᠪᠠᠰᠤ ᠮᠢᠬ᠎ᠠ ᠰᠤᠳᠠᠰᠤ ᠵᠤᠵᠠᠭᠠᠷᠠᠵᠤ ᠨᠢᠳᠦᠨ ᠦ᠌ ᠥᠩᠭᠡ ᠴᠢᠰᠤ ᠠᠳᠠᠯᠢ ᠪᠣᠯᠤᠨ᠎ᠠ᠂ ᠰᠠᠷᠨᠢᠬᠤ ᠶ᠋ᠢᠨ ᠵᠦᠢᠯ ᠪᠣᠯ ᠥᠴᠦᠬᠡᠨ ᠲᠦᠭᠡᠬᠦ ᠶᠦ᠍ᠮ ᠃ ᠡᠷᠬᠡᠲᠡᠨ ᠲᠣᠳᠣᠷᠬᠠᠢ ᠦᠭᠡᠢ᠂ ᠠᠮᠠ ᠬᠠᠲᠠᠵᠤ ᠰᠢᠳᠦ ᠰᠢᠷᠠᠯᠠᠬᠤ ᠪᠣᠯᠠᠢ᠃ ᠢᠯᠭᠠᠵᠤ ᠰᠢᠨᠵᠢᠯᠡᠪᠡᠰᠦ ᠳᠣᠣᠷᠠᠬᠢ ᠮᠡᠲᠦ᠄

( ᠨᠢᠭᠡ ) ᠪᠣᠳᠣ ᠡᠪᠡᠳᠴᠢᠨ ᠦᠬᠡᠷ ᠦ᠋ᠨ ᠰᠢᠯᠢ ᠮᠡᠲᠦ ᠬᠠᠪᠤᠳᠬᠤ
ᠠᠩᠬ᠎ᠠ ᠰᠠᠷᠨᠢᠬᠤ ᠳ᠋ᠠᠭᠠᠨ ᠬᠠᠪᠲᠠᠭᠠᠢ ᠬᠠᠪᠲᠠᠭᠠᠢ ᠨᠠᠪᠴᠢ ᠰᠢᠭ᠋ ᠵᠠᠯᠭᠠᠯᠳᠤᠵᠤ ᠪᠠᠶ᠋ᠢᠬᠤ ᠂ ᠭᠠᠳᠠᠭᠰᠢ ᠦᠯᠦ ᠭᠠᠷᠪᠠᠰᠤ ᠶᠡᠬᠡ ᠡᠪᠡᠷᠰᠢᠶᠡᠯᠡᠵᠦ ᠂ ᠬᠠᠮᠤᠭ ᠪᠡᠶ᠎ᠡ ᠨᠢ ᠬᠠᠪᠤᠳᠬᠤ ᠂ ᠬᠠᠷ᠎ᠠ ᠰᠢᠷ᠎ᠠ ᠤᠰᠤᠨ ᠤ᠋ ᠭᠡᠮ ᠪᠦᠬᠦᠨ ᠬᠤᠷᠠᠭᠰᠠᠨ ᠠ᠋ᠴᠠ ᠡᠭᠦᠰᠦᠨ᠎ᠡ᠃

ᠬᠦᠴᠦᠨ ᠶᠡᠬᠡ ᠨᠢ᠄ ᠡᠪᠡᠷᠰᠢᠶᠡᠯ ᠶᠡᠬᠡ ᠪᠥᠭᠡᠳ ᠬᠣᠭᠣᠯᠠᠢ ᠬᠠᠭᠠᠭᠳᠠᠬᠤ ᠂ ᠭᠠᠳᠠᠷ ᠳᠣᠲᠣᠷ ᠦᠭᠡᠢ ᠪᠡᠶ᠎ᠡ ᠪᠦᠬᠦᠨ ᠬᠠᠪᠤᠳᠬᠤ ᠪᠥᠭᠡᠳ ᠳᠣᠲᠣᠷ᠎ᠠ ᠠ᠋ᠴᠠ ᠴᠡᠴᠡᠷᠡᠬᠦ ᠪᠠ ᠶᠡᠬᠡ ᠲᠠᠭᠠᠷᠠᠬᠤ ᠪᠣᠯᠤᠨ᠎ᠠ᠃
ᠬᠦᠴᠦᠨ ᠪᠠᠭ᠎ᠠ ᠨᠢ᠄ ᠡᠪᠡᠷᠰᠢᠶᠡᠯ ᠪᠣᠯᠤᠨ ᠪᠡᠶ᠎ᠡ ᠬᠠᠪᠤᠤ‍ᠠᠬᠤ ᠨᠢ ᠪᠠᠭ᠎ᠠ᠂ ᠬᠣᠭᠣᠯᠠᠢ ᠶ᠋ᠢᠨ ᠣᠶ᠋ᠢᠷᠠᠯᠴᠠᠭ᠎ᠠ ᠭᠦᠪᠲ‍ᠦᠷᠦᠦ ᠭᠠᠷᠬᠤ᠂ ᠡᠨᠡ ᠪᠣᠯ ᠨᠢᠶᠠᠨ ᠬᠢᠭᠡᠳ ᠬᠠᠯᠠᠭᠤᠨ ᠪ‍ ᠬᠦᠴᠦᠨ ᠪᠠᠭ᠎ᠠ᠃

( ᠬᠣᠶᠠᠷ) ᠴᠢᠰᠤ ᠨᠢ ᠬᠠᠲᠠᠭᠰᠠᠨ ᠬᠠᠴᠢᠭ( ᠱᠠᠯᠵᠠ) ᠨᠠᠭᠠᠯᠲ‍ᠤᠬᠰᠠᠨ ᠮᠡᠲᠦ
ᠤᠯᠠᠭᠠᠨ ᠪᠥᠭᠡᠳ ᠵᠤᠵᠠᠭᠠᠨ᠂ ᠡᠨᠡ ᠪᠣᠯ ᠴᠢᠰᠤᠨ ᠠ᠋ᠴᠠ ᠪᠣᠯᠤᠭᠰᠠᠨ ᠡᠪᠡᠤ‍ᠠᠴᠢᠨ ᠪ‍ ᠵᠦᠢᠯ ᠮᠥᠨ᠃
ᠬᠦᠴᠦᠨ ᠶᠡᠬᠡ ᠨᠢ᠄ ᠪᠡᠶ᠎ᠡ ᠬᠥᠰᠢᠵᠦ ᠬᠥᠯᠥᠷᠡᠬᠦ ᠰᠢᠭ ᠪᠣᠯᠬᠤ᠂ ᠪᠡᠶ᠎ᠡ ᠴᠡᠴᠡᠷᠡᠨ᠂ ᠡᠪᠡᠷᠰᠢᠶᠡᠯ ᠬᠠᠤᠠᠬᠤᠯᠠᠭ᠎ᠠ ᠨᠢ ᠮᠠᠰᠢ ᠶᠡᠬᠡ᠂ ᠤᠯᠠᠭᠠᠨ ᠭᠦᠪᠲᠦᠷᠦᠦ ᠳᠣᠪᠣᠶ᠋ᠢᠵᠤ ᠭᠠᠷᠬᠤ᠂ ᠠᠮᠠ ᠬᠠᠮᠠᠷ ᠠ᠋ᠴᠠ ᠴᠢᠰᠤ ᠴᠤᠪᠤᠷᠠᠨ᠂ ᠴᠢᠬᠢᠨ ᠪ‍ ᠰᠣᠨᠣᠷ ᠳᠣᠷᠣᠶ᠋ᠢᠲᠠᠬᠤ᠂ ᠡᠬᠡᠨᠡᠷ ᠬᠥᠮᠦᠨ ᠪᠣᠯᠪᠠᠰᠤ ᠰᠤᠲ‍ᠠᠯ ᠤ᠋ᠨ ᠠᠮᠠ ᠨᠡᠭᠡᠭᠡᠭᠳᠡᠪᠡᠯ ᠤᠮᠠᠢ ᠠ᠋ᠴᠠ ᠴᠢᠰᠤ ᠴᠤᠪᠤᠷᠠᠵᠤ᠂ ᠪᠡᠶ᠎ᠡ ᠬᠦᠨᠲᠦᠷᠡᠨ᠂ ᠳᠡᠮᠡᠢ ᠪᠠᠯᠠᠢ ᠣᠯᠠᠨ ᠵᠡᠭᠦᠲᠦᠯᠡᠬᠦ᠂ ᠲᠣᠯᠣᠭᠠᠢ ᠡᠪᠡᠤᠠᠬᠦ᠂ ᠠᠮᠠ ᠭᠠᠰᠢᠭᠤᠷᠠᠨ ᠪᠥᠭᠡᠯᠵᠢᠰᠦ ᠬᠦᠷᠬᠦ᠃
ᠬᠦᠴᠦᠨ ᠪᠠᠭ᠎ᠠ ᠨᠢ᠄ ᠪᠣᠷᠣ ᠭᠦᠪᠲᠦᠷᠦᠦ ᠲᠠᠷᠬᠠᠭᠰᠠᠨ ᠲᠡᠲᠦᠢ ᠭᠠᠷᠤᠨ᠎ᠠ᠃

(ᠭᠤᠷᠪᠠ) ᠭᠤᠤᠷᠰᠤᠲᠤ ᠵᠡᠰ ᠬᠠᠲᠠᠭᠠᠰᠤ ᠮᠡᠲᠦ
ᠬᠦᠴᠦᠨ ᠶᠡᠬᠡ ᠨᠢ᠄ ᠲᠣᠯᠣᠭᠠᠢ ᠡᠪᠡᠤ‍ᠠᠬᠦ᠂ ᠪᠡᠶ᠎ᠡ ᠨᠢ ᠳᠣᠲᠣᠷ᠎ᠠ ᠠ᠋ᠴᠠ ᠴᠡᠴᠡᠷᠡᠨ᠎ᠡ᠃ ᠭᠦᠪᠲ‍ᠦᠷᠦᠦ ᠨᠢ ᠬᠠᠷᠠᠪᠲᠤᠷ ᠪᠥᠭᠡᠳ ᠬᠠᠪᠲᠠᠭᠠᠢ᠂ ᠲᠦᠭᠡᠬᠦ ᠨᠢ ᠪᠠᠶᠠᠨ ᠳ᠋ᠤᠷ ᠵᠠᠢ ᠦᠭᠡᠢ ᠭᠠᠷᠬᠤ ᠲᠤᠯᠠ ᠮᠠᠰᠢᠳᠠ ᠠᠶᠤᠯᠲᠠᠢ᠃
ᠬᠦᠴᠦᠨ ᠪᠠᠭ᠎ᠠ ᠨᠢ᠄ ᠪᠡᠶ᠎ᠡ ᠬᠦᠨᠲ‍ᠦᠷᠡᠵᠦ᠂ ᠦᠨᠦᠷ ᠦᠮᠡᠬᠡᠢ᠂ ᠠᠮᠠ ᠬᠡᠯᠡ ᠰᠢᠷᠦᠭᠦᠨ᠂ ᠭᠦᠪᠲ‍ᠦᠷᠦᠦ ᠶ᠋ᠢᠨ ᠬᠡᠰᠡᠭ ᠨᠢ ᠥᠴᠦᠬᠡᠨ ᠪᠥᠭᠡᠳ ᠰᠤᠲ‍ᠠᠯ ᠨᠢ ᠨᠠᠷᠢᠨ᠂ ᠪᠡᠶ᠎ᠡ ᠶ᠋ᠢᠨ ᠶᠡᠬᠡᠩᠬᠢ ᠬᠡᠰᠡᠭ ᠲᠦ᠍ ᠲᠠᠷᠬᠠᠬᠤ ᠲᠡᠲ‍ᠦᠢ ᠭᠠᠷᠬᠤ᠂ ᠪᠡᠶ᠎ᠡ ᠬᠠᠪᠤᠤ‍ᠠᠴᠤ ᠡᠮ ᠢ᠋ᠶ᠋ᠡᠷ ᠡᠰᠡ ᠭᠠᠲ‍ᠠᠬᠰᠢᠯᠠᠪᠠᠰᠤ ᠳᠣᠯᠣᠭ᠎ᠠ ᠬᠣᠨᠣᠭ ᠲᠤ᠌ ᠦᠬᠦᠨ᠎ᠡ᠃

( ᠳᠥᠷᠪᠡ) ᠭᠤᠷᠮᠤᠰᠤᠨ ᠬᠠᠷ᠎ᠠ ᠪᠣᠳᠣ ᠬᠢᠵᠢᠭ
ᠪᠣᠳᠣ ᠭᠠᠲ‍ᠠᠬᠰᠢᠯᠠᠬᠤ ᠦᠭᠡᠢ ᠪᠡᠶ᠎ᠡ ᠬᠠᠪᠤᠤ‍ᠠᠴᠤ᠂ ᠡᠪᠡᠷᠰᠢᠶᠡᠯᠡᠨ ᠬᠠᠤ‍ᠠᠬᠤᠯᠠᠬᠤ ᠨᠢ ᠶᠡᠬᠡ᠂ ᠲᠣᠯᠣᠭᠠᠢ ᠡᠪᠡᠤ‍ᠠᠴᠦ᠂ ᠮᠡᠲ‍ᠡᠷᠡᠯ ᠪᠠᠯᠠᠷᠠᠨ᠂ ᠲᠠᠮᠢᠷ ᠪᠠᠷᠠᠬᠲ‍ᠠᠬᠤ᠂ ᠥᠤ‍ᠠᠬᠡᠨ ᠬᠠᠲᠠᠬᠤ᠂ ᠡᠰᠡᠪᠡᠰᠦ ᠰᠠᠭᠤᠯᠭᠠᠬᠤ᠂ ᠪᠡᠶ᠎ᠡ ᠶᠡᠬᠡ ᠬᠠᠯᠠᠭᠤᠷᠠᠬᠤ᠂ ᠬᠥᠯᠥᠰᠥ᠂ ᠨᠣᠶ᠋ᠢᠷ ᠨᠢ ᠲᠠᠭᠰᠢ ᠦᠭᠡᠢ ᠪᠥᠭᠡᠳ ᠬᠢᠵᠢᠭ ᠡᠪᠡᠤ‍ᠠᠴᠢᠨ ᠪ‍ ᠰᠢᠨᠵᠢ ᠪᠦᠬᠦᠨ ᠡᠭᠦᠨ ᠳ᠋ᠦ᠍ ᠭᠠᠷᠬᠤ ᠲᠤᠯᠠ ᠠᠨᠠᠭᠠᠬᠤ ᠶ᠋ᠢᠨ ᠴᠢᠯᠥᠭᠡ ᠰᠤᠯᠠᠤ‍ᠠᠬᠠᠬᠤ ᠶ᠋ᠢᠨ ᠵᠠᠪ ᠦᠯᠦ ᠭᠠᠷᠭᠠᠨ ᠠᠮᠢᠨ ᠯᠤᠭ᠎ᠠ ᠬᠠᠷᠰᠢᠯᠠᠮᠤᠢ᠃
ᠬᠦᠴᠦᠨ ᠪᠠᠭ᠎ᠠ ᠨᠢ᠄ ᠪᠣᠯᠪᠠᠰᠤᠷᠠᠬᠤ ᠶ᠋ᠢᠨ ᠤᠷᠢᠳ ᠰᠢᠨᠵᠢ ᠪᠦᠬᠦᠨ ᠲᠣᠲ‍ᠣᠷᠬᠠᠢ᠂ ᠰᠡᠭᠦᠯ ᠳ᠋ᠡᠭᠡᠨ ᠭᠦᠪᠳᠦᠷᠦᠦ ᠪᠣᠯᠬᠤ ᠲᠤᠯᠠ ᠠᠨᠠᠭᠠᠬᠤ ᠶ᠋ᠢ ᠭᠢᠴᠢᠶᠡᠭᠲᠦᠨ᠃ ᠤᠯᠠᠭᠠᠨ ᠱᠤᠭᠤᠮ ᠠᠨᠤ ᠭᠦᠪᠳᠦᠷᠦᠦ ᠦᠯᠦ ᠭᠠᠷᠪᠠᠰᠤ ᠲᠠᠪᠤ ᠬᠣᠨᠣᠭ ᠲᠤ᠌ ᠦᠬᠦᠨ᠎ᠡ᠃ ᠡᠨᠡ ᠪᠣᠯ ᠪᠠᠳᠬᠠᠨ ᠴᠢᠰᠤᠨ ᠠ᠋ᠴᠠ ᠪᠣᠯᠤᠭᠰᠠᠨ ᠶᠤᠮ᠃

( ᠲᠠᠪᠤ) ᠶᠡᠬᠡ ᠬᠦᠴᠦᠲᠦ ᠪᠣᠳᠣ ᠤᠯᠠᠭᠠᠨ ᠳᠠᠪᠬᠤᠷᠯᠢᠭ
ᠪᠦᠬᠦ ᠪᠡᠶ᠎ᠡ ᠳ᠋ᠦ᠍ᠨᠢ ᠴᠢᠰᠤ ᠪᠠᠷ ᠰᠦᠷᠴᠢᠭᠰᠡᠨ ᠠᠲ‍ᠠᠯᠢ᠂ ᠠᠮᠠ ᠬᠠᠮᠠᠷ ᠠ᠋ᠴᠠ ᠴᠢᠰᠤ ᠴᠤᠪᠤᠷᠠᠬᠤ᠂ ᠠᠮᠢᠰᠬᠤᠯ ᠴᠢᠬᠤᠯᠲ‍ᠠᠨ᠂ ᠡᠷᠬᠡᠲ‍ᠡᠨ ᠪᠠᠯᠠᠷᠠᠬᠤ᠂ ᠭᠦᠪᠳᠦᠷᠦᠦ ᠦᠯᠦ ᠭᠠᠷᠪᠠᠰᠤ ᠡᠷᠯᠢᠭ ᠦ᠋ᠨ ᠣᠷᠣᠨ ᠳ᠋ᠤ᠌ ᠣᠲ‍ᠤᠮᠤᠢ᠃
ᠬᠦᠴᠦᠨ ᠪᠠᠭ᠎ᠠ ᠳᠠᠪᠬᠤᠷᠯᠢᠭ ᠨᠢ᠄ ᠭᠦᠪᠳᠦᠷᠦᠦ ᠪᠣᠯᠵᠤ ᠭᠠᠷᠬᠤ ᠲᠤᠯᠠ ᠡᠭᠦᠨ ᠊ᠢ ᠵᠠᠰᠠᠬᠤ ᠠᠷᠭ᠎ᠠ ᠶ᠋ᠢ ᠭᠦᠨ ᠡᠴᠡ ᠭᠦᠨ ᠮᠠᠰᠢᠳᠠ ᠡᠷᠬᠢᠮᠯᠡ᠃

( ᠵᠢᠷᠭᠤᠭ᠎ᠠ) ᠬᠠᠪᠲᠠᠭᠠᠢ ᠬᠠᠷ᠎ᠠ ᠪᠣᠳᠣ
ᠢᠲ‍ᠡᠭᠡ ᠦᠭᠡᠷᠢ ᠦᠯᠦ ᠲᠠᠲᠠᠪᠠᠰᠤ ᠶᠢᠰᠦ ᠬᠣᠨᠣᠭ ᠲᠤ᠌ ᠦᠬᠦᠨ᠎ᠡ᠃ ᠡᠨᠡ ᠪᠣᠯ ᠬᠡᠢ᠂ ᠰᠢᠷ᠎ᠠ ᠠ᠋ᠴᠠ ᠪᠣᠯᠤᠭᠰᠠᠨ ᠶᠤᠮ᠃
ᠬᠦᠴᠦᠨ ᠶᠡᠬᠡ ᠨᠢ᠄ ᠬᠠᠷ᠎ᠠ ᠪᠣᠳᠣ ᠶ᠋ᠢᠨ ᠬᠠᠪᠲᠠᠭᠠᠢ ᠳᠡᠯᠭᠡᠷᠡᠬᠦᠶ᠎ᠡ ᠥᠭᠡᠷᠢ ᠡᠰᠡ ᠪᠣᠯᠵᠤ᠂ ᠳᠡᠮᠡᠢ ᠪᠠᠯᠠᠢ ᠴᠠᠯᠴᠢᠨ ᠥᠭᠦᠯᠡᠬᠦ᠂ ᠮᠡᠲ‍ᠡᠷᠡᠯ ᠠᠯᠲ‍ᠠᠵᠤ ᠲᠦᠷᠭᠡᠨ ᠠᠮᠢ ᠶ᠋ᠢ ᠨᠢ ᠠᠯᠲ‍ᠠᠭᠤᠯᠤᠮᠤᠢ᠃
ᠬᠦᠴᠦᠨ ᠪᠠᠭ᠎ᠠ ᠨᠢ᠄ ᠭᠠᠷ ᠬᠥᠯ ᠰᠢᠮᠰᠢᠷᠡᠨ ᠡᠪᠡᠤ‍ᠠᠬᠦ᠂ ᠬᠠᠪ ᠬᠠᠷ᠎ᠠ ᠭᠦᠪᠳᠦᠷᠦᠦ ᠨᠢ ᠪᠥᠭᠡᠮ ᠪᠥᠭᠡᠮ ᠢ᠋ᠶ᠋ᠡᠷ ᠭᠠᠷᠬᠤ᠂ ᠦᠭᠡᠷᠢ ᠲᠠᠲᠠᠪᠠᠰᠤ ᠨᠢᠭᠡ ᠨᠢᠭᠡ ᠪᠡᠷ ᠴᠣᠭᠣᠷᠠᠬᠤ ᠶ᠋ᠢᠨ ᠲᠡᠲ‍ᠦᠢ᠃

( ᠳᠣᠯᠣᠭ᠎ᠠ) ᠵᠠᠯᠢᠲᠤ ᠳᠣᠭᠰᠢᠨ ᠬᠠᠷ᠎ᠠ ᠪᠣᠳᠣ
ᠡᠭᠦᠨ ᠊ᠢ ᠪᠠᠰᠠ《 ᠬᠥᠮᠦᠨ ᠢᠲ‍ᠡᠭᠴᠢ ᠬᠠᠷ᠎ᠠ 》ᠭᠡᠵᠦ ᠬᠡᠯᠡᠲ‍ᠡᠭ᠋᠂ ᠪᠠᠮᠪᠠᠢ ᠪᠤᠶᠤ ᠲᠦᠷᠭᠡᠨ ᠬᠦᠷᠳᠦ ᠠᠲ‍ᠠᠯᠢ ᠭᠦᠪᠳᠦᠷᠦᠦ ᠬᠠᠮᠢᠭ᠎ᠠ ᠭᠠᠷᠬᠤ ᠮᠠᠭᠠᠳ ᠦᠭᠡᠢ᠃ ᠴᠡᠭᠡᠵᠢᠨ ᠳ᠋ᠦ᠍ ᠭᠠᠷᠪᠠᠰᠤ ᠠᠶᠤᠯᠲᠠᠢ᠃ ᠭᠦᠪᠳᠦᠷᠦᠦ ᠶ᠋ᠢᠨ《 ᠰᠡᠭᠦᠯ ᠦ᠋ᠨ ᠴᠢᠮᠡᠭ》 ᠭᠡᠲ‍ᠡᠭ᠋ ᠴᠦ᠍ ᠡᠨᠡ ᠮᠥᠨ ᠪᠥᠭᠡᠳ ᠡᠨᠡ ᠨᠢ ᠮᠠᠰᠢᠳᠠ ᠬᠦᠴᠦᠨ ᠶᠡᠬᠡ ᠡᠪᠡᠤ‍ᠠᠴᠢᠨ ᠮᠥᠨ ᠪᠣᠯᠠᠢ᠃
ᠬᠦᠴᠦᠨ ᠪᠠᠭ᠎ᠠ ᠨᠢ᠄ ᠴᠢᠨᠠᠭᠰᠠᠨ ᠪᠤᠷᠴᠠᠭ ᠠᠲ‍ᠠᠯᠢ ᠵᠢᠵᠢᠭ ᠣᠯᠠᠨ ᠭᠦᠪᠳᠦᠷᠦᠦ ᠪᠡᠷ ᠲᠣᠭᠣᠷᠢᠨ ᠭᠠᠷᠤᠨ᠎ᠠ᠃

   ᠦᠰᠦᠭ ᠠᠮᠢᠯᠠᠭᠤᠯᠤᠭᠰᠠᠨ ᠨᠢ᠄ ᠦᠯᠵᠡᠢᠪᠠᠭᠠᠳᠤᠷ
   ᠬᠢᠨᠠᠭᠰᠠᠨ ᠨᠢ᠄ ᠭᠠᠷᠮ᠎ᠠ ᠣᠳᠬᠠᠨᠰᠤ᠎ᠠ