ᠬᠥᠬᠡᠬᠣᠲᠠ ᠶ᠋ᠢᠨ ᠦᠳᠡᠰᠢ - ᠯᠢᠭᠳᠡᠨ Хөхөхтын үдэш - Лигдэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡᠬᠣᠲᠠ ᠶ᠋ᠢᠨ ᠦᠳᠡᠰᠢ - ᠯᠢᠭᠳᠡᠨ Хөхөхтын үдэш - Лигдэн

ᠬᠥᠬᠡᠬᠣᠲᠠ ᠶ᠋ᠢᠨ ᠦᠳᠡᠰᠢ - ᠯᠢᠭᠳᠡᠨ Хөхөхтын үдэш - Лигдэн

2023-06-20

270

ᠬᠥᠬᠡᠬᠣᠲᠠ ᠶ᠋ᠢᠨ ᠦᠳᠡᠰᠢ


      ᠦᠳᠡᠰᠢ ᠶ᠋ᠢᠨ ᠬᠥᠰᠢᠭᠡ ᠬᠥᠬᠡᠬᠣᠲᠠ ᠳ᠋ᠤ᠌ ᠠᠯᠭᠤᠷᠬᠠᠨ ᠪᠠᠭᠤᠨ᠎ᠠ ᠃ 
      ᠲᠣᠷᠭᠠᠮᠰᠤᠭ ᠵᠥᠭᠡᠯᠡᠨ ᠭᠠᠷ ᠢ᠋ᠶ᠋ᠠᠷ ᠢ᠋ᠶ᠋ᠠᠨ ᠢᠯᠪᠢᠨ ᠲᠣᠰᠣᠷᠬᠠᠭ ᠠᠷᠢᠭᠤᠨ ᠤᠷᠤᠭᠤᠯ ᠢ᠋ᠶ᠋ᠠᠷ ᠢ᠋ᠶ᠋ᠠᠨ ᠲᠠᠭᠠᠯᠠᠨ ᠪᠠᠢᠬᠤ ᠰᠢᠭ᠋ ᠨᠠᠮᠢᠷᠠᠭ᠎ᠠ ᠬᠤᠷ᠎ᠠ ᠮᠡᠷ ᠮᠡᠷ ᠣᠷᠣᠭᠰᠠᠭᠠᠷ ᠨᠠᠪᠴᠢᠨ ᠤ᠋ ᠥᠩᠭᠡ ᠶ᠋ᠢ ᠨᠣᠪ ᠨᠣᠭᠣᠭᠠᠨ ᠳᠠᠪ ᠲᠡᠨᠢᠭᠡᠷ ᠪᠣᠯᠲᠠᠯ᠎ᠠ ᠤᠬᠢᠶᠠᠵᠤ ᠂ ᠴᠡᠴᠡᠭ ᠦ᠋ᠨ ᠬᠡᠯᠲᠡᠰ ᠢ᠋ ᠰᠣᠪ ᠰᠣᠷᠭᠣᠭ ᠤᠪ ᠤᠯᠠᠭᠠᠨ ᠪᠣᠯᠲᠠᠯ᠎ᠠ ᠤᠮᠳᠠᠯᠠᠵᠤ ᠤᠯᠤᠰ ᠠᠮᠢᠲᠠᠨ ᠢ᠋ ᠬᠥᠪ ᠬᠥᠩᠭᠡᠨ ᠰᠡᠪ ᠰᠡᠷᠭᠡᠭ ᠪᠣᠯᠲᠠᠯ᠎ᠠ ᠰᠡᠷᠢᠭᠦᠴᠡᠭᠦᠯᠦᠯ᠎ᠡ᠃ 
      ᠲᠡᠭᠷᠢ ᠶᠠᠭ ᠷᠠᠰᠢᠶᠠᠨ ᠳᠤᠰᠤᠯ ᠢ᠋ᠶ᠋ᠠᠨ ᠬᠤᠪᠢᠯᠭᠠᠨ ᠰᠦᠷᠴᠢᠭᠦᠷ ᠢ᠋ᠶ᠋ᠡᠷ ᠢ᠋ᠶ᠋ᠡᠨ ᠰᠦᠷᠴᠢᠭᠰᠡᠨ ᠶᠦ᠍ᠮ ᠰᠢᠭ ᠵᠠᠮ ᠤ᠋ᠨ ᠲᠣᠭᠣᠰᠣ ᠶ᠋ᠢ ᠰᠠᠢᠬᠠᠨ ᠳᠠᠷᠤᠵᠤ ᠂ ᠭᠠᠵᠠᠷ ᠤ᠋ᠨ ᠬᠥᠷᠥᠰᠥ ᠶ᠋ᠢ ᠯᠡ ᠰᠠᠢᠬᠠᠨ ᠴᠢᠭᠢᠭᠲᠦᠭᠦᠯᠦᠨ ᠠᠭᠠᠷ ᠤ᠋ᠨ ᠪᠦᠭᠴᠢᠮ᠎ᠡ ᠶ᠋ᠢ ᠯᠡ ᠰᠠᠢᠬᠠᠨ ᠰᠡᠷᠢᠭᠦᠴᠡᠭᠦᠯᠵᠦ ᠠᠯᠵᠢᠶᠠᠯ ᠵᠦᠳᠡᠷᠡᠯ ᠢ᠋ ᠯᠡ ᠰᠠᠢᠬᠠᠨ ᠲᠠᠢᠯᠤᠭᠠᠳ ᠲᠠᠭᠠᠯᠠᠮᠵᠢᠲᠠᠢ ᠲᠡᠨᠢᠭᠦᠨ ᠠᠭᠤᠷ ᠠᠮᠢᠰᠬᠤᠯ ᠢ᠋ᠶ᠋ᠠᠷ ᠢ᠋ᠶ᠋ᠠᠨ ᠬᠥᠮᠦᠰ ᠦ᠋ᠨ ᠳᠤᠷᠠᠯᠠᠯ ᠬᠦᠰᠡᠯ ᠵᠣᠯ ᠵᠢᠷᠭᠠᠯ ᠤᠨ ᠬᠢᠨᠢ ᠵᠢᠭᠦᠷ ᠢ᠋ ᠳᠡᠯᠭᠡᠮᠡᠭᠴᠡ ᠪᠡᠨ ᠵᠣᠭᠰᠣᠴᠢᠬᠠᠯ᠎ᠠ ᠃ ᠰᠢᠷ ᠰᠢᠷ  ᠨᠠᠮᠢᠷᠭᠠᠯᠠᠭᠰᠠᠨ ᠪᠣᠷᠣᠭᠠᠨ ᠤ᠋ ᠳᠠᠷᠠᠭᠠᠬᠢ ᠰᠢᠯᠢ ᠳᠡᠨᠵᠢ ᠶ᠋ᠢᠨ ᠦᠳᠡᠰᠢ ᠤᠷᠠᠨ ᠰᠢᠯᠦᠭ ᠢ᠋ ᠤᠨᠳᠤᠷᠤᠭᠤᠯᠳᠠᠭ᠂  ᠠᠰᠬᠠᠯᠠᠭᠰᠠᠨ ᠪᠣᠷᠣᠭᠠᠨ ᠤ᠋ ᠳᠠᠷᠠᠭᠠᠬᠢ ᠠᠰᠬ᠎ᠠ ᠠᠭᠤᠯᠠ ᠶ᠋ᠢᠨ ᠦᠳᠡᠰᠢ ᠣᠮᠣᠭ ᠪᠠᠬᠠᠳᠤᠯᠳᠤ ᠳᠠᠢᠴᠢᠨ ᠳᠠᠭᠤᠯᠠᠯ ᠢ᠋ ᠬᠦᠩᠭᠢᠨᠡᠭᠦᠯᠳᠡᠭ ᠂ ᠨᠠᠮᠤᠭ ᠵᠦᠯᠭᠡ ᠭᠠᠵᠠᠷ ᠤ᠋ᠨ ᠮᠡᠯᠡᠬᠡᠢ ᠶ᠋ᠢᠨ ᠱᠤᠤᠭᠢᠶᠠᠨ ᠲᠠᠢ ᠴᠢᠭᠢᠭᠯᠢᠭ ᠦᠳᠡᠰᠢ ᠪᠠᠶᠠᠰᠤᠯ ᠴᠡᠩᠭᠡᠯ ᠦ᠋ᠨ ᠤᠶᠠᠩᠭ᠎ᠠ ᠶ᠋ᠢᠨ ᠬᠥᠪᠴᠢ ᠶ᠋ᠢ ᠴᠢᠪᠬᠠᠳᠠᠳᠠᠭ ᠰᠠᠨ ᠃ 
      ᠬᠥᠬᠡᠬᠣᠲᠠ ᠶ᠋ᠢᠨ ᠡᠨᠡ ᠦᠳᠡᠰᠢ — ᠵᠤᠨ ᠤ᠋ ᠦᠳᠡᠰᠢ ᠨᠡᠩ ᠴᠦ᠍ ᠭᠠᠢᠬᠠᠯᠲᠠᠢ ᠰᠠᠢᠬᠠᠨ ᠪᠠᠢᠨ᠎ᠠ ! ᠠᠷᠪᠠᠭᠠᠳ ᠮᠢᠨᠦ᠋ᠲ ᠦ᠋ᠨ ᠪᠣᠷᠣᠭᠠᠨ ᠭᠡᠭᠴᠢ ᠠᠩᠬᠢᠯᠤᠮᠠᠯ ᠦᠨᠦᠷᠲᠦ ᠵᠠᠭᠠᠷ ᠤ᠋ᠨ ᠠᠭᠤᠰᠤᠮᠠᠯ ᠢ᠋ ᠰᠦᠷᠴᠢᠭᠰᠡᠨ ᠰᠢᠭ ᠴᠢᠭᠢᠭ ᠦ᠋ᠨ ᠦᠨᠦᠷ ᠠᠭᠤᠰᠬᠢ ᠨᠡᠪᠲᠡᠷᠡᠮ᠎ᠡ ᠭᠣᠢᠳᠠ ᠰᠡᠩᠬᠢᠨᠡᠮ ᠃ 
      ᠣᠷᠴᠢᠯᠠᠩ ᠢ᠋  ᠭᠡᠢᠭᠦᠯᠦᠭᠴᠢ ᠭᠠᠯ ᠪᠥᠮᠪᠥᠷᠴᠡᠭ ᠣᠭᠲᠠᠷᠭᠤᠢ ᠶ᠋ᠢᠨ ᠤᠮᠠᠷᠠᠲᠤ ᠬᠠᠶᠠᠭ᠎ᠠ ᠪᠠᠷ ᠰᠢᠷᠭᠤᠨ ᠠᠮᠤᠷᠯᠢᠩᠭᠤᠢ ᠵᠢᠷᠭᠠᠨ ᠨᠣᠢᠷᠰᠤᠭᠰᠠᠨ ᠤ᠋ ᠳᠠᠷᠠᠭᠠᠬᠠᠨ ᠲᠡᠭᠷᠢ ᠶ᠋ᠢᠨ ᠲᠡᠷᠲᠡᠭᠡ ᠬᠣᠷᠮᠣᠢ ᠶ᠋ᠢ ᠤᠯᠠᠪᠢᠷ ᠱᠠ ᠪᠠᠷ ᠬᠥᠷᠬᠥᠯᠡᠨ ᠬᠥᠬᠡᠬᠣᠲᠠ ᠶ᠋ᠢᠨ ᠦᠳᠡᠰᠢ ᠶ᠋ᠢᠨ ᠦᠵᠡᠮᠵᠢ  ᠶ᠋ᠢ ᠤᠯᠠᠮ ᠬᠥᠭᠡᠷᠦᠬᠦᠨ ᠪᠣᠯᠭᠠᠵᠠᠢ ᠃ ᠡᠨᠡ ᠦᠳᠡᠰᠢ ᠶ᠋ᠢᠨ ᠬᠥᠬᠡᠬᠣᠲᠠ ᠠ᠋ ᠂ ᠤᠷᠠᠯᠢᠭ ᠤ᠋ᠨ ᠨᠢᠭᠡ ᠦᠵᠡᠰᠬᠦᠯᠡᠩ ᠳᠦᠷᠢ ᠯᠡ ᠭᠡᠯᠲᠡᠢ ᠃ ᠴᠡᠩᠬᠡᠷ ᠲᠣᠷᠭ᠎ᠠ ᠪᠠᠷ  ᠬᠥᠰᠢᠭᠡᠯᠡᠨ ᠳᠡᠭᠡᠪᠦᠷᠯᠡᠭᠰᠡᠨ ᠰᠢᠭ ᠲᠩᠷᠢ ᠨᠢ ᠴᠡᠩᠬᠡᠷᠯᠡᠨ ᠲᠤᠨᠤᠯᠵᠠᠵᠤ ᠭᠢᠯᠠᠯᠵᠠᠭᠰᠠᠨ ᠲᠣᠯᠢ ᠶ᠋ᠢ ᠤᠷᠲᠤᠯᠠᠨ ᠰᠢᠭᠢᠳᠬᠡᠭᠰᠡᠨ ᠰᠢᠭ ᠵᠡᠭᠡᠯᠢ ᠶ᠋ᠢᠨ ᠵᠠᠮ ᠨᠢ ᠭᠡᠷᠡᠯᠲᠦᠨ ᠰᠤᠨᠤᠯᠵᠠᠵᠤ ᠂ ᠬᠠᠶᠠ ᠥᠩᠭᠡᠷᠡᠬᠦ ᠬᠠᠪᠲᠠᠭᠠᠢ  ᠮᠣᠯᠣᠭᠣ ᠲᠡᠷᠭᠡ ᠬᠠᠷᠪᠤᠭᠰᠠᠨ ᠰᠤᠮᠤ ᠰᠢᠭ᠋ ᠵᠦᠰᠦᠯᠵᠡᠵᠦ ᠂ ᠠᠰᠠᠷ ᠨᠢ ᠬᠠᠰ ᠴᠠᠭᠠᠨ ᠢ᠋ᠶ᠋ᠠᠷ ᠴᠠᠢᠯᠠᠯᠵᠠᠵᠤ ᠂ ᠴᠣᠩᠬᠣ ᠨᠢ  ᠪᠣᠯᠣᠷ ᠤ᠋ᠨ ᠥᠩᠭᠡ ᠪᠡᠷ ᠳᠣᠨᠣᠯᠵᠠᠨ᠎ᠠ᠃ 
      ᠬᠥᠳᠡᠭᠡ ᠨᠤᠲᠤᠭ ᠤ᠋ᠨ ᠠᠯᠤᠰ ᠠ᠋ᠴᠠ ᠬᠥᠬᠡᠷᠡᠨ ᠬᠥᠬᠡᠷᠡᠨ ᠬᠠᠷᠠᠭᠳᠠᠳᠠᠭ ᠬᠥᠬᠡᠬᠣᠲᠠ ᠶ᠋ᠢᠨ ᠮᠢᠨᠢ ᠦᠵᠡᠮᠵᠢ ᠂ ᠢᠯᠠᠩᠭᠤᠶ᠎ᠠ ᠦᠳᠡᠰᠢ  ᠶ᠋ᠢᠨ ᠦᠵᠡᠮᠵᠢ ᠨᠢ ᠰᠤᠪᠤᠳ ᠲᠠᠨ᠎ᠠ ᠶ᠋ᠢ ᠬᠤᠪᠴᠠᠰᠤ ᠳᠦᠭᠦᠷᠡᠩ ᠰᠣᠯᠣᠩᠭᠠᠷᠠᠭᠤᠯᠤᠭᠰᠠᠨ ᠬᠣᠷᠸ᠋᠎ᠠ ᠶ᠋ᠢᠨ ᠨᠢᠭᠡ ᠠᠷᠤᠤᠬᠠᠨ ᠳᠠᠭᠢᠨᠢ ᠲᠠᠢ ᠯᠠ ᠠᠳᠠᠯᠢᠬᠠᠨ ᠃ ᠵᠡᠭᠡᠯᠢ ᠶ᠋ᠢᠨ ᠰᠠᠷᠠᠭᠤᠯ ᠳᠠᠷᠳᠠᠩ ᠵᠠᠮ ᠤ᠋ᠨ ᠬᠠᠵᠠᠭᠤ ᠪᠠᠷ ᠮᠥᠷᠯᠡᠨ ᠵᠢᠭᠰᠠᠵᠤ ᠵᠢᠭᠦᠷᠯᠡᠨ ᠵᠢᠭᠳᠡᠷᠡᠭᠰᠡᠨ ᠤᠳᠠ ᠨᠤᠭᠤᠳ ᠰᠡᠪᠡᠯᠵᠡᠮ᠎ᠡ ᠰᠠᠯᠬᠢᠨ ᠤ᠋ ᠠᠶ᠎ᠠ ᠪᠠᠷ ᠮᠥᠴᠢᠷ ᠭᠠᠩᠬᠤᠭᠤᠯᠤᠨ ᠨᠠᠢᠭᠤᠯᠵᠠᠬᠤ ᠨᠢ ᠶᠠᠭ ᠨᠣᠭᠣᠭᠠᠨ ᠲᠣᠷᠭᠠᠨ ᠰᠢᠭᠦᠷ ᠡᠷᠭᠦᠭᠡᠳ ᠵᠠᠮ ᠶᠠᠪᠤᠭᠴᠢᠳ ᠢ᠋ ᠬᠡᠵᠢᠶᠡᠳᠡ ᠤᠭᠲᠤᠳᠠᠭ ᠲᠡᠭᠷᠢ ᠶ᠋ᠢᠨ ᠪᠥᠵᠢᠭᠴᠢᠨ ᠦ᠌ ᠠᠯᠴᠢᠭᠤᠷ ᠤ᠋ᠨ ᠰᠠᠵᠢᠯᠭᠠᠨ ᠲᠠᠢ ᠯᠠ ᠢᠵᠢᠯᠬᠡᠨ᠃ 
      ᠬᠥᠬᠡᠬᠣᠲᠠ ᠶ᠋ᠢᠨ ᠵᠤᠨ ᠤ᠋ ᠦᠳᠡᠰᠢ —  ᠡᠪᠦᠯ ᠦ᠋ᠨ ᠦᠳᠡᠰᠢ ᠲᠡᠢ ᠪᠡᠨ ᠦᠰᠦᠳ ᠥᠭᠡᠷ᠎ᠡ ᠃ ᠤᠲᠤᠭ᠎ᠠ ᠤᠨᠢᠶᠠᠷ ᠦᠭᠡᠢ ᠬᠥᠮᠦᠰ ᠦ᠋ᠨ  ᠠᠭᠤᠰᠬᠢ ᠵᠢᠷᠦᠬᠡ ᠡᠷᠡᠭᠦᠯ ᠲᠡᠨᠢᠭᠡᠷ ᠂ ᠪᠥᠭᠰᠢᠵᠦ ᠬᠠᠨᠢᠶᠠᠯᠭᠠᠬᠤ ᠦᠭᠡᠢ ᠃ ᠨᠡᠩ ᠴᠦ᠍ ᠡᠨᠡ ᠦᠳᠡᠰᠢ ᠶ᠋ᠢᠨ ᠰᠠᠢᠬᠠᠨ ᠭᠡᠵᠢ ᠠ᠋ ! 
      ᠡᠳᠦᠷ ᠦ᠋ᠨ ᠡᠭᠦᠷᠭᠡ ᠪᠡᠨ ᠠᠮᠵᠢᠯᠲᠠ ᠲᠠᠢ ᠪᠡᠶᠡᠯᠡᠭᠦᠯᠦᠭᠡᠳ ᠠᠷᠠᠭᠠᠲᠤ ᠬᠦᠷᠳᠦᠨ ᠦ᠌ ᠳᠡᠷᠭᠡᠳᠡ ᠡᠴᠡ ᠠᠶᠠᠷᠯᠠᠨ ᠠᠵᠢᠯ ᠤ᠋ᠨ ᠬᠤᠪᠴᠠᠰᠤ  ᠪᠠᠨ ᠰᠣᠯᠢᠭᠠᠳ ᠬᠠᠷᠢᠵᠤ ᠪᠠᠢᠭ᠎ᠠ ᠬᠢᠵᠠᠭᠠᠯᠠᠰᠢ ᠦᠭᠡᠢ ᠣᠮᠣᠭᠰᠢᠯ ᠪᠠᠬᠠᠳᠤᠯ ᠢ᠋ᠶ᠋ᠠᠷ ᠬᠥᠪᠴᠢᠯᠡᠭᠳᠡᠭᠰᠡᠨ ᠵᠠᠯᠠᠭᠤ ᠠᠵᠢᠯᠴᠢᠨ ᠂ ᠬᠣᠨᠣᠭ ᠤ᠋ᠨ ᠴᠠᠪ ᠢ᠋ᠶ᠋ᠠᠨ ᠠᠮᠲᠠᠲᠠᠢᠬᠠᠨ ᠵᠣᠭᠣᠭᠯᠠᠭᠠᠳ ᠵᠡᠭᠡᠯᠢ ᠶ᠋ᠢᠨ ᠳ᠋ᠧᠩ ᠢ᠋ ᠰᠣᠨᠢᠷᠬᠠᠨ ᠠᠯᠬᠤᠵᠤ ᠪᠠᠢᠭ᠎ᠠ ᠠᠬᠠᠮᠠᠳ ᠠᠵᠢᠯᠲᠠᠨ ᠂ ᠠᠵᠢᠯ ᠢ᠋ᠶ᠋ᠠᠷ ᠠᠳᠠ ᠢᠷᠡᠭᠡᠳ ᠠᠰᠠᠷ ᠤ᠋ᠨ ᠨᠠᠷᠠᠪᠴᠢ ᠳᠡᠭᠡᠷ᠎ᠡ ᠡᠴᠡ ᠵᠡᠭᠡᠯᠢ ᠶ᠋ᠢᠨ ᠠᠮᠢᠳᠤ ᠬᠥᠳᠡᠯᠭᠡᠭᠡᠨᠲᠦ ᠵᠢᠷᠤᠭ ᠢ᠋ ᠰᠣᠨᠢᠷᠬᠠᠵᠤ ᠪᠠᠢᠭ᠎ᠠ ᠠᠶᠠᠨᠴᠢᠨ ᠬᠥᠬᠡᠬᠣᠲᠠ ᠶ᠋ᠢᠨ ᠦᠳᠡᠰᠢ  ᠶ᠋ᠢᠨ ᠪᠠᠶᠠᠷ ᠵᠢᠷᠭᠠᠯ ᠳ᠋ᠤ᠌ ᠠᠶᠠᠨᠳᠠᠭᠠᠨ ᠬᠥᠪᠦᠯᠵᠡᠨ ᠳᠣᠭᠳᠣᠯᠵᠠᠬᠤ ᠪᠠᠢᠬ᠎ᠠ ᠳᠠ ! 
      ᠠᠵᠢᠨᠠᠢ ᠮᠥᠩᠭᠥᠨ ᠬᠦᠯᠦᠭ ᠦ᠋ᠨ  ᠬᠢᠨᠢ ᠨᠢᠰᠬᠡᠨ ᠢ᠋ ᠱᠠᠭᠰᠢᠨ ᠬᠠᠷᠠᠪᠠᠯ ᠲᠠᠯ᠎ᠠ ᠨᠤᠲᠤᠭ ᠤ᠋ᠨ ᠲᠦᠮᠡᠨ ᠠᠭᠲᠠ ᠪᠣᠳᠣᠭᠳᠠᠬᠤ ᠦᠭᠡᠢ  ᠭᠡᠵᠢ ᠦᠦ ⁈ 
      《 ᠮᠠᠨᠳᠤᠬᠠᠢ ᠴᠡᠴᠡᠷᠯᠢᠭ》 ᠦ᠋ᠨ ᠦᠵᠡᠮᠵᠢ ᠶ᠋ᠢ ᠪᠠᠬᠠᠷᠤᠨ ᠦᠵᠡᠪᠡᠯ ᠠᠯᠳᠠᠷᠲᠤ ᠪᠠᠭᠠᠲᠤᠷ ᠂ ᠮᠡᠷᠭᠡᠨ ᠦᠨᠳᠦᠰᠦᠲᠡᠨ ᠦ᠌ ᠲᠡᠦᠬᠡ ᠶ᠋ᠢ ᠰᠠᠨᠠᠭᠠᠯᠵᠠᠬᠤ ᠦᠭᠡᠢ ᠭᠡᠵᠢ ᠦᠦ ⁈ ᠢᠷᠡᠭᠡᠳᠦᠢ ᠶ᠋ᠢᠨ ᠬᠢᠨᠢ ᠮᠠᠨᠳᠤᠯ ᠢ᠋ ᠵᠥᠩᠨᠡᠬᠦ ᠦᠭᠡᠢ ᠭᠡᠵᠢ ᠦᠦ⁈  
      《ᠬᠥᠯᠥᠨ ᠵᠠᠮ ᠤ᠋ᠨ ᠳᠤᠮᠳᠠᠳᠤ ᠰᠤᠷᠭᠠᠭᠤᠯᠢ 》 ᠶ᠋ᠢ ᠪᠢᠰᠢᠷᠡᠨ ᠪᠠᠷᠠᠯᠠᠪᠠᠯ ᠤᠬᠠᠮᠰᠠᠷᠲᠤ ᠦᠨᠳᠦᠰᠦᠲᠡᠨ ᠦ᠌ ᠭᠠᠯ ᠵᠢᠷᠦᠬᠡ ᠲᠡᠢ ᠳ᠋ᠦ᠍ᠨᠢ ᠣᠮᠣᠭᠰᠢᠬᠤ ᠦᠭᠡᠢ ᠭᠡᠵᠢ ᠦᠦ⁈ ᠤᠷᠭᠤᠯ ᠣᠨᠳᠣᠷᠣᠯ᠂ ᠰᠣᠶᠣᠭᠠᠯᠠᠯ ᠴᠡᠴᠡᠭᠯᠡᠯ ᠦ᠋ᠨ ᠥᠨᠢᠷ ᠰᠤᠷᠪᠤᠯᠵᠢ ᠳ᠋ᠤᠨᠢ ᠵᠣᠷᠢᠭ᠌ᠵᠢᠬᠤ ᠦᠭᠡᠢ ᠭᠡᠵᠢ ᠦᠦ⁈ 
      ᠳᠡᠭᠡᠭᠰᠢ ᠪᠡᠨ ᠬᠠᠷᠠᠪᠠᠯ ᠣᠳᠣᠳ ᠭᠢᠯᠠᠯᠵᠠᠨ᠎ᠠ — ᠲᠩᠷᠢ ᠣᠳᠣᠳ ᠤ᠋ᠨ ᠶᠢᠷᠲᠢᠨᠴᠦ ᠃ ᠳᠡᠷᠭᠡᠳᠡᠬᠢ ᠪᠡᠨ ᠠᠵᠢᠪᠠᠯ ᠳ᠋ᠧᠩ ᠳᠤᠯᠠᠯᠵᠠᠨ᠎ᠠ — ᠳᠡᠯᠡᠬᠡᠢ ᠳ᠋ᠧᠩ ᠦ᠋ᠨ ᠶᠢᠷᠲᠢᠨᠴᠦ ᠃ ᠤᠭᠤᠷᠠᠭ ᠴᠠᠭᠠᠨ ᠭᠡᠷᠡᠯ ᠲᠡᠢ ᠭᠤᠤᠷᠰᠤᠨ ᠳ᠋ᠧᠩ ᠂ ᠤᠰᠤᠨ ᠪᠣᠯᠣᠷ ᠭᠡᠷᠡᠯ ᠲᠡᠢ ᠪᠥᠮᠪᠦᠭᠡᠨ ᠳ᠋ᠧᠩ ᠂ ᠲᠦᠭᠡᠮᠡᠯ ᠭᠡᠢᠭᠦᠯᠦᠭᠴᠢ ᠲᠠᠯᠠᠪᠤᠷ ᠤ᠋ᠨ ᠳ᠋ᠧᠩ ᠂ ᠲᠡᠷᠡ ᠨᠢᠭᠡ ᠬᠡᠰᠡᠭ ᠢ᠋ᠶ᠋ᠡᠨ ᠯᠡ ᠲᠤᠶᠠᠭᠠᠯᠠᠭᠴᠢ ᠰᠢᠷᠡᠭᠡᠨ ᠦ᠌ ᠳ᠋ᠧᠩ ᠁ 
      ᠳ᠋ᠧᠩ ᠦ᠋ᠨ ᠳᠡᠷᠭᠡᠳᠡ ᠶᠠᠭᠤ ᠪᠠᠢᠨ᠎ᠠ ᠪᠣᠢ ? ᠡᠷᠬᠡ ᠴᠢᠯᠥᠭᠡ ᠲᠡᠢ ᠂ ᠪᠠᠶᠠᠷ ᠵᠢᠷᠭᠠᠯ ᠲᠠᠢ ᠂ ᠤᠳᠬ᠎ᠠ ᠠᠭᠤᠯᠭ᠎ᠠ ᠲᠠᠢ ᠬᠥᠬᠡᠬᠣᠲᠠ ᠶ᠋ᠢᠨ ᠵᠤᠨ ᠤ᠋ ᠦᠳᠡᠰᠢ ᠪᠣᠢ ᠃  
      ᠬᠥᠬᠡᠬᠣᠲᠠ ᠶ᠋ᠢᠨ ᠦᠳᠡᠰᠢ ᠬᠥᠮᠦᠨ ᠦ᠌ ᠠᠮᠢᠳᠤᠷᠠᠯ ᠤ᠋ᠨ ᠦᠳᠡᠰᠢ ᠵᠢᠮ᠎ᠡ ᠬᠠᠤᠯᠢ ᠪᠠᠷ ᠢ᠋ᠶ᠋ᠠᠨ ᠪᠠᠶᠠᠷ ᠵᠢᠷᠭᠠᠯ ᠢ᠋ ᠲᠦᠭᠡᠮᠡᠯ ᠰᠠᠴᠤᠨᠠᠮ ᠃ 
      ᠲᠤᠩᠭᠠᠯᠠᠭ ᠰᠡᠷᠢᠭᠦᠨ ᠥᠷᠯᠥᠭᠡ ᠢᠳᠡ ᠬᠦᠴᠦᠨ ᠰᠡᠯᠪᠢᠭᠳᠡᠵᠦ ᠴᠣᠭ ᠵᠣᠷᠢᠭ ᠪᠠᠳᠠᠷᠠᠩᠭᠤᠢ ᠪᠠᠢᠳᠠᠭ ᠴᠤ᠌ ᠶᠡᠬᠡᠩᠬᠢ ᠳ᠋ᠡᠭᠡᠨ ᠪᠣᠳᠠᠲᠤ ᠠᠵᠢᠯ ᠤ᠋ᠨ ᠣᠨᠴᠣᠭᠣᠢ ᠣᠷᠴᠢᠨ ᠳ᠋ᠤ᠌ ᠬᠠᠷᠢᠶᠠᠯᠠᠭᠳᠠᠳᠠᠭ ᠠ᠋ᠴᠠ ᠪᠣᠳᠣᠯᠭ᠎ᠠ ᠰᠠᠨᠠᠭᠠᠨ ᠤ᠋ ᠥᠷᠭᠡᠨ ᠳᠡᠯᠭᠡᠷ ᠰᠠᠴᠤᠷᠠᠯ ᠳ᠋ᠤ᠌ ᠬᠢᠵᠠᠭᠠᠷ ᠲᠠᠢ ᠃ ᠦᠳᠡ ᠳ᠋ᠦ᠍ ᠭᠡᠷᠡᠯ ᠲᠤᠶᠠᠭ᠎ᠠ ᠲᠡᠭᠦᠯᠳᠡᠷ ᠪᠣᠯᠪᠠᠴᠤ ᠡᠷᠴᠢᠯᠢᠭ ᠭᠠᠪᠰᠢᠭᠠᠢ ᠬᠠᠭᠠᠰ ᠡᠳᠦᠷ ᠦ᠋ᠨ ᠠᠵᠢᠯ ᠤ᠋ᠨ ᠵᠠᠪᠰᠠᠷᠯᠠᠯ ᠳ᠋ᠤ᠌ ᠪᠠᠢᠭ᠎ᠠ ᠤᠴᠢᠷ ᠡᠴᠡ ᠠᠢᠵᠠᠮᠲᠤ ᠡᠳᠦᠷ ᠦ᠋ᠨ ᠠᠵᠢᠯ ᠤ᠋ᠨ ᠦᠷᠭᠦᠯᠵᠢᠯᠡᠯ ᠳ᠋ᠦ᠍ ᠵᠠᠬᠢᠷᠤᠭᠳᠠᠨ᠎ᠠ ᠃ 
      ᠢᠩᠭᠢᠬᠦᠯᠡᠷ ᠦᠳᠡᠰᠢ ᠯᠡ ᠨᠡᠩ ᠴᠢᠯᠥᠭᠡᠲᠡᠢ ᠂ ᠨᠡᠩ ᠵᠢᠷᠭᠠᠯ ᠲᠠᠢ ᠂ ᠨᠡᠩ ᠲᠡᠨᠢᠭᠦᠬᠡᠨ ᠪᠠᠢᠳᠠᠭ᠃ ᠢᠯᠠᠩᠭᠤᠶ᠎ᠠ ᠬᠥᠬᠡᠬᠣᠲᠠ ᠶ᠋ᠢᠨ ᠦᠳᠡᠰᠢ ᠪᠣᠯ ᠡᠢᠮᠦ ᠠ᠋᠃  
      ᠬᠢᠵᠠᠭᠠᠯᠠᠰᠢ ᠦᠭᠡᠢ ᠬᠦᠰᠡᠯᠡᠩ ᠦ᠋ᠨ ᠡᠭᠦᠳᠡ ᠶ᠋ᠢ ᠶᠡᠷᠦᠩᠬᠡᠢ ᠳ᠋ᠡᠭᠡᠨ ᠦᠳᠡᠰᠢ ᠡᠷᠢᠯᠬᠢᠯᠡᠨ ᠲᠣᠭᠰᠢᠳᠠᠭ ᠶᠤᠮ᠃ ᠰᠤᠷᠤᠭᠴᠢᠳ ᠨᠣᠮ ᠤ᠋ᠨ ᠬᠠᠭᠤᠳᠠᠰᠤᠨ ᠳ᠋ᠤ᠌ ᠠᠩᠬᠠᠷᠤᠯ ᠢ᠋ᠶ᠋ᠠᠨ ᠲᠥᠪᠯᠡᠷᠡᠭᠦᠯᠦᠨ ᠬᠦᠰᠡᠯᠡᠩ ᠦ᠋ᠨ ᠲᠣᠣᠷ ᠢ᠋ᠶ᠋ᠠᠨ ᠰᠦᠯᠵᠢᠵᠦ ᠪᠠᠢᠳᠠᠭ ᠨᠢ ᠦᠳᠡᠰᠢ ᠂ ᠮᠡᠷᠭᠡᠵᠢᠯᠲᠡᠨ ᠨᠠᠷ ᠰᠢᠨ᠎ᠡ ᠨᠡᠭᠡᠭᠡᠯᠲᠡ ᠶ᠋ᠢᠨ ᠮᠥᠷ ᠲᠥᠯᠥᠪ ᠦ᠋ᠨ ᠪᠠᠷ᠎ᠠ ᠰᠡᠭᠦᠳᠡᠷ ᠦ᠋ᠨ ᠬᠣᠢᠨ᠎ᠠ ᠠ᠋ᠴᠠ ᠢᠲᠡᠭᠡᠯ ᠲᠡᠭᠦᠯᠳᠡᠷ ᠮᠥᠷᠳᠡᠨ ᠨᠡᠬᠡᠮᠵᠢᠯᠡᠵᠦ ᠪᠠᠢᠳᠠᠭ ᠨᠢ ᠦᠳᠡᠰᠢ ᠴᠣᠪᠣᠭᠣ ᠰᠡᠷᠭᠦᠯᠡᠩ ᠠᠷᠢᠭᠤᠨ ᠴᠠᠭᠠᠨ ᠰᠡᠳᠬᠢᠯ ᠲᠡᠢ ᠭᠠᠯ ᠵᠠᠯᠠᠭᠤ ᠨᠠᠰᠤᠨ ᠤ᠋ ᠬᠣᠣᠰ ᠤ᠋ᠳ ᠮᠣᠳᠣᠨ ᠤ᠋ ᠳᠣᠭᠤᠤᠷ ᠰᠡᠳᠬᠢᠯᠭᠡ ᠶ᠋ᠢᠨ ᠵᠢᠯᠣᠭᠣ  ᠪᠠᠷ ᠬᠤᠷᠳᠤᠴᠠ ᠪᠠᠨ ᠲᠣᠬᠢᠷᠠᠭᠤᠯᠤᠨ ᠵᠤᠭᠠᠴᠠᠭᠰᠠᠭᠠᠷ ᠤᠳᠠᠯ ᠦᠭᠡᠢ ᠪᠡᠶᠡᠯᠡᠬᠦ ᠰᠢᠨ᠎ᠡ ᠠᠮᠢᠳᠤᠷᠠᠯ ᠤ᠋ᠨ ᠶᠢᠷᠲᠢᠨᠴᠦ ᠳ᠋ᠦ᠍ ᠶᠠᠭᠠᠬᠢᠵᠤ ᠣᠷᠣᠬᠤ ᠪᠠᠨ ᠶᠠᠩᠵᠤ ᠪᠦᠷᠢ ᠶ᠋ᠢᠨ ᠤᠷᠠᠨ ᠨᠠᠷᠢᠯᠢᠭ ᠬᠡᠯᠪᠡᠷᠢ ᠪᠡᠷ ᠵᠥᠩᠨᠡᠨ ᠪᠠᠢᠳᠠᠭ ᠨᠢ ᠦᠳᠡᠰᠢ ᠰᠠᠨ ᠃ 
      ᠡᠷᠬᠡ ᠴᠢᠯᠥᠭᠡ ᠂ ᠵᠣᠯ ᠵᠢᠷᠭᠠᠯ ᠂ ᠬᠦᠰᠡᠯᠡᠩᠲᠦ ᠠᠮᠢᠳᠤᠷᠠᠯ ᠭᠡᠭᠴᠢ ᠶ᠋ᠢ ᠬᠡᠢᠰᠪᠦᠷᠢ ᠰᠡᠳᠬᠢᠬᠦᠢ ᠪᠡᠷ ᠰᠣᠯᠣᠩᠭᠠᠷᠠᠭᠤᠯᠤᠨ ᠵᠢᠷᠤᠭᠯᠠᠵᠤ ᠂ ᠳᠦᠷᠰᠦᠯᠢᠭ ᠬᠡᠯᠡᠯᠭᠡ ᠪᠡᠷ ᠢᠯᠡᠷᠡᠭᠦᠯᠵᠦ ᠪᠠᠢᠭ᠎ᠠ ᠬᠥᠮᠦᠰ ᠂ ᠠᠮᠤᠭᠤᠯᠠᠩ ᠦᠳᠡᠰᠢ ᠶ᠋ᠢ ᠬᠠᠮᠠᠭᠠᠯᠠᠵᠤ ᠪᠠᠢᠭ᠎ᠠ ᠬᠥᠮᠦᠰ ᠬᠥᠬᠡᠬᠣᠲᠠ ᠶ᠋ᠢᠨ ᠵᠤᠨ ᠤ᠋ ᠦᠳᠡᠰᠢ—ᠡᠨᠡ ᠦᠳᠡᠰᠢ ᠶ᠋ᠢ ᠯᠠᠪᠲᠠᠶ᠎ᠠ ᠡᠩᠬᠦᠷᠡᠢᠯᠡᠨ ᠬᠠᠢᠷᠠᠯᠠᠬᠤ ᠶᠤᠮ ᠃ 
      ᠡᠦᠲᠦ ᠵᠠᠷᠢᠮ ᠳ᠋ᠧᠩ ᠨᠦ᠍ᠭᠦᠳ ᠵᠢᠷᠭᠠᠵᠤ ᠪᠠᠢᠨ᠎ᠠ ᠃ ᠬᠥᠮᠦᠰ ᠵᠣᠯ ᠵᠢᠷᠭᠠᠯ ᠡᠩᠬᠡ ᠨᠣᠢᠷᠰᠣᠯ ᠤ᠋ᠨ ᠲᠣᠷᠭᠠᠨ ᠬᠥᠰᠢᠭᠡ ᠪᠡᠨ ᠲᠠᠲᠠᠬᠤ ᠨᠢ ᠡᠨᠡ ᠰᠢᠦ ᠃ 
      ᠬᠥᠬᠡᠬᠣᠲᠠ ᠶ᠋ᠢᠨ ᠦᠳᠡᠰᠢ ᠠ᠋ ! ᠰᠠᠢᠨ ᠰᠠᠢᠬᠠᠨ ᠮᠠᠷᠭᠠᠰᠢ ᠶ᠋ᠢ ᠤᠭᠲᠤᠨ ᠤᠷᠢᠬᠤ ᠪᠣᠯᠲᠤᠭᠠᠢ ᠃