ᠤᠷᠤᠯᠳᠤᠭᠠᠨ - ᠯᠢᠭᠳᠡᠨ Уралдаан - Лигдэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠷᠤᠯᠳᠤᠭᠠᠨ - ᠯᠢᠭᠳᠡᠨ Уралдаан - Лигдэн

ᠤᠷᠤᠯᠳᠤᠭᠠᠨ - ᠯᠢᠭᠳᠡᠨ Уралдаан - Лигдэн

2023-06-20

246

ᠤᠷᠤᠯᠳᠤᠭᠠᠨ


      ᠤᠷᠲᠤ ᠶ᠋ᠢᠨ ᠤᠷᠤᠯᠳᠤᠭᠠᠨ ᠤ᠋ ᠤᠲᠠᠰᠤᠨ ᠳᠡᠭᠡᠭᠦᠷ ᠲᠦᠷᠭᠡᠨ ᠲᠠᠤᠯᠠᠢ ᠲᠣᠩᠭᠣᠰ ᠲᠣᠩᠭᠣᠰ ᠦᠰᠦᠷᠬᠦ ᠳ᠋ᠦ᠍ ᠦᠬᠡᠷ ᠲᠡᠷᠭᠡ ᠠᠯᠭᠤᠷ ᠨᠡᠭᠦᠨ᠎ᠡ ᠃ 
      ᠦᠬᠡᠷ ᠨᠢᠭᠡ ᠠᠯᠬᠤᠬᠤ ᠳ᠋ᠤ᠌ ᠲᠠᠤᠯᠠᠢ ᠠᠷᠪᠠ ᠦᠰᠦᠷᠦᠨ᠎ᠡ ᠃ 
      ᠲᠠᠤᠯᠠᠢ ᠡᠷᠭᠢᠨ ᠡᠷᠭᠢᠨ ᠬᠠᠷᠠᠭᠠᠳ ᠡᠷᠲᠡᠭᠡᠷ ᠰᠡᠭᠦᠯ ᠢ᠋ᠶ᠋ᠡᠨ  ᠭᠣᠳᠣᠯᠵᠠᠭᠤᠯᠤᠨ᠎ᠠ ᠂ ᠡᠮᠵᠡᠭ ᠲᠡᠢ ᠰᠡᠲᠡᠷᠬᠡᠢ ᠤᠷᠤᠭᠤᠯ ᠨᠢ ᠡᠷᠡᠦᠨ ᠳ᠋ᠡᠭᠡᠨ ᠭᠤᠷᠪᠠ ᠬᠤᠪᠢᠶᠠᠭᠳᠠᠭᠠᠳ ᠡᠵᠢ ᠡᠴᠡ ᠪᠡᠨ ᠠᠪᠴᠤ ᠲᠥᠷᠥᠭᠰᠡᠨ ᠲᠠᠪᠤ ᠭᠤᠷᠪᠠᠨ ᠰᠠᠬᠠᠯ ᠨᠢ ᠡᠰᠢ ᠳᠠᠰᠢ ᠰᠡᠷᠪᠡᠯᠵᠡᠨ ᠡᠯᠡᠭᠯᠡᠭᠰᠡᠨ ᠢᠨᠢᠶᠡᠯ ᠢ᠋ᠶ᠋ᠡᠷ ᠱᠥᠷᠪᠥᠯᠵᠡᠨ᠎ᠡ ᠃ 
      ᠮᠣᠩᠭᠣᠯ ᠲᠡᠷᠭᠡᠨ ᠦ᠌ ᠮᠣᠳᠣᠨ ᠬᠦᠷᠳᠦ ᠨᠠᠭᠠᠨ᠎ᠠ ᠴᠠᠭᠠᠨ᠎ᠠ ᠪᠠᠨ ᠡᠷᠭᠢᠨ ᠨᠠᠷᠠ ᠰᠠᠷᠠ ᠰᠢᠭ᠋ ᠤᠳᠠᠭᠠᠨ ᠪᠠᠢᠨ᠎ᠠ ᠃ 
      ᠵᠢᠭᠳᠡ ᠠᠯᠬᠤᠭ᠎ᠠ ᠪᠠᠷ ᠵᠠᠮ ᠤ᠋ᠨ ᠬᠦᠵᠦᠭᠦᠦ ᠶ᠋ᠢ ᠡᠯᠡᠭᠡᠵᠦ ᠵᠢᠩᠬᠢᠨᠢ ᠤᠷᠤᠯᠳᠤᠭᠠᠨ ᠳ᠋ᠤ᠌ ᠵᠠᠪᠠᠯ ᠲᠡᠷᠢᠭᠦᠯᠡᠬᠦ ᠢᠲᠡᠭᠡᠯ ᠲᠡᠢ ᠦᠬᠡᠷ ᠲᠡᠷᠭᠡ ᠃ 
      ᠵᠠᠮ ᠵᠥᠪ ᠭᠤᠢᠪᠢᠬᠤ ᠦᠭᠡᠢ ᠂ ᠵᠣᠷᠢᠭ ᠬᠠᠲᠠᠭᠤ ᠰᠢᠨᠲᠠᠷᠠᠬᠤ ᠦᠭᠡᠢ ᠂ ᠨᠠᠷᠠ ᠰᠢᠩᠭᠡᠲᠡᠯ᠎ᠡ ᠵᠢᠳᠬᠦᠵᠦ ᠰᠠᠷᠠ ᠭᠠᠷᠲᠠᠯ᠎ᠠ ᠮᠡᠷᠡᠢᠯ᠎ᠡ ᠂ ᠣᠭᠲᠠᠷᠭᠤᠢ ᠳ᠋ᠤ᠌ ᠣᠳᠣᠳ ᠲᠦᠭᠡᠯ᠎ᠡ ᠂ ᠣᠬᠣᠷ ᠰᠡᠭᠦᠯᠳᠡᠳ ᠵᠢᠷᠭᠠᠯ᠎ᠠ ᠂ ᠦᠬᠡᠷ ᠲᠡᠷᠭᠡ ᠮᠠᠷᠭᠠᠰᠢ ᠳ᠋ᠤ᠌ ᠢᠲᠡᠭᠡᠭᠡᠳ ᠵᠢᠳᠬᠦᠭᠰᠡᠭᠡᠷ ᠁ 
                                    1983 .9