ᠮᠣᠩᠭᠣᠯ ᠭᠡᠷ - ᠯᠢᠭᠳᠡᠨ Монгол гэр - Лигдэн
ᠮᠣᠩᠭᠣᠯ ᠭᠡᠷ
ᠳᠠᠯᠳᠠ ᠠ᠋ᠴᠠ ᠳᠠᠯᠠᠯᠤᠨ ᠪᠠᠢᠳᠠᠭ ᠲᠠᠩᠳᠠ ᠬᠠᠩᠭᠢᠨᠠᠨ ᠪᠠᠢᠳᠠᠭ ᠰᠠᠷᠠᠯ ᠤ᠋ᠨ ᠭᠢᠨᠵᠢᠨ ᠡᠴᠡ ᠣᠭᠣᠰᠣᠷ ᠲᠠᠢ ᠰᠡᠳᠦᠪ ᠦ᠋ᠨ ᠰᠠᠨᠵᠢᠨ ᠠ᠋ᠴᠠ ᠡᠯᠭᠦᠭᠡᠰᠦᠲᠡᠢ ᠰᠡᠳᠬᠢᠯ ᠦ᠋ᠨ ᠳᠡᠨᠵᠢᠨ ᠳ᠋ᠦ᠍ ᠪᠠᠭᠤᠴᠠ ᠲᠠᠢ ᠰᠡᠮᠡᠵᠡᠨ ᠴᠠᠭᠠᠨ ᠭᠡᠷ ᠬᠠᠢᠷ᠎ᠠ ᠶ᠋ᠢᠨ ᠮᠢᠨᠢ ᠰᠣᠷᠢᠨᠵᠢᠨ ᠬᠣᠩᠬᠣ ᠶᠤᠮ ᠠ᠋ !
ᠦᠷ᠎ᠡ ᠪᠡᠨ ᠦᠨᠡᠨ ᠴᠠᠭᠠᠨ ᠲᠤᠶᠠᠭ᠎ᠠ ᠪᠠᠷ ᠢ᠋ᠶ᠋ᠠᠨ ᠭᠡᠢᠭᠦᠯᠦᠨ ᠪᠠᠢᠵᠤ ᠦᠭᠡ ᠪᠡᠨ ᠦᠵᠡᠰᠬᠦᠯᠡᠩ ᠰᠠᠢᠬᠠᠨ ᠳᠦᠷᠢ ᠪᠡᠷ ᠢ᠋ᠶ᠋ᠡᠨ ᠦᠵᠡᠭᠦᠯᠦᠨ ᠬᠡᠯᠡᠵᠦ ᠡᠵᠡᠭᠦᠢ ᠠᠭᠤᠯᠠ ᠪᠠᠷ ᠬᠡᠭᠡᠷᠡᠯᠡᠨ ᠵᠡᠷᠯᠢᠭᠰᠢᠵᠦ ᠲᠡᠨᠦᠭᠰᠡᠨ ᠪᠠᠯᠴᠢᠷ ᠰᠠᠨᠠᠭ᠎ᠠ ᠶ᠋ᠢ ᠡᠬᠡ ᠳ᠋ᠡᠭᠡᠨ ᠡᠷᠭᠢᠵᠦ ᠪᠤᠴᠠᠬᠤ ᠶ᠋ᠢ ᠠᠳᠠ ᠠ᠋ᠴᠠ ᠡᠷᠬᠢᠮᠯᠡᠨ ᠰᠠᠨᠠᠭᠤᠯᠵᠤ ᠡᠯᠢᠭᠡ ᠵᠢᠷᠦᠬᠡ ᠪᠡᠨ ᠡᠩᠰᠡᠯᠲᠡᠯᠡ ᠤᠶᠠᠩᠭᠠᠯᠠᠬᠤ ᠡᠬᠡᠰᠢᠭ ᠳᠠᠭᠤᠤ ᠪᠠᠷ ᠡᠷᠡᠭᠦᠯ ᠡᠩᠬᠡ ᠦᠷᠡᠰ ᠲᠡᠭᠡᠨ ᠡᠨᠡ ᠬᠣᠩᠬᠣ ᠡᠩᠬᠦᠷᠡᠢᠯᠡᠨ ᠤᠷᠢᠶᠠᠯᠠᠨᠠᠮ ᠃
1983 .12
