ᠠᠪᠤ ᠶᠢ ᠪᠠᠨ ᠬᠠᠢᠷᠠᠯᠠᠵᠤ ᠶᠠᠪᠤᠭᠠᠷᠠᠢ-ᠰᠢᠯᠦᠭАавыгаа хайрлаж яваарай-шүлэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠤ ᠶᠢ ᠪᠠᠨ ᠬᠠᠢᠷᠠᠯᠠᠵᠤ ᠶᠠᠪᠤᠭᠠᠷᠠᠢ-ᠰᠢᠯᠦᠭАавыгаа хайрлаж яваарай-шүлэг

ᠠᠪᠤ ᠶᠢ ᠪᠠᠨ ᠬᠠᠢᠷᠠᠯᠠᠵᠤ ᠶᠠᠪᠤᠭᠠᠷᠠᠢ-ᠰᠢᠯᠦᠭАавыгаа хайрлаж яваарай-шүлэг

2023-06-19

328

ᠠᠪᠤ ᠶᠢ ᠪᠠᠨ ᠬᠠᠢᠷᠠᠯᠠᠵᠤ ᠶᠠᠪᠤᠭᠠᠷᠠᠢ

ᠬᠠᠶᠠ ᠨᠢᠭᠡ ᠠᠮᠰᠠᠭᠠᠳ ᠢᠷᠡᠬᠦ ᠳ᠋ᠦ᠍ᠨᠢ
ᠬᠠᠯᠠᠭᠯᠠᠵᠤ ᠠᠪᠤ ᠶ᠋ᠢ ᠪᠡᠨ ᠪᠢᠲᠡᠭᠡᠢ ᠵᠢᠮᠡᠯᠡᠭᠡᠷᠡᠢ
ᠬᠠᠶᠠᠭᠠᠳ ᠨᠢᠭᠡ ᠡᠳᠦᠷ ᠶᠠᠪᠤᠭᠠᠳ ᠥᠭᠬᠦ ᠳ᠋ᠦ᠍ ᠨᠢ
ᠬᠠᠯᠠᠮᠴᠠᠭᠰᠠᠨ ᠳᠦᠷᠢ ᠶ᠋ᠢ ᠨᠢ ᠬᠦᠷᠲᠡᠯ᠎ᠡ ᠰᠠᠨᠠᠳᠠᠭ ᠶᠤᠮ ᠰᠢᠦ
ᠠᠪᠤ ᠶᠠᠭᠠᠬᠢᠬᠤᠪ ᠳᠠ ᠪᠣᠯᠬᠤ ᠯᠠ ᠪᠠᠶ᠋ᠢᠯᠭᠦᠢ ᠭᠡᠵᠦ
ᠠᠯᠠᠭᠯᠠᠵᠤ ᠬᠣᠶ᠋ᠢᠰᠢ ᠨᠢ ᠪᠢᠲᠡᠭᠡᠢ ᠲᠠᠯᠪᠢᠭᠠᠷᠠᠢ
ᠠᠶᠠᠭᠦᠢ ᠪᠣᠯ ᠡᠵᠢ ᠡᠴᠡ ᠴᠢᠨᠢ ᠤᠷᠢᠲᠠᠵᠤ
ᠠᠶᠠᠨ ᠤ᠋ ᠰᠢᠪᠠᠭᠤᠳ ᠠᠪᠤᠭᠠᠳ ᠶᠠᠪᠤᠴᠢᠬᠠᠨ᠎ᠠ ᠰᠢᠦ
ᠡᠵᠢ ᠰᠢᠭ ᠴᠢᠨᠢ ᠲᠡᠳᠡ ᠪᠠᠶ᠋ᠢᠩᠭᠤ ᠥᠭᠦᠯᠡᠬᠦ ᠦᠭᠡᠢ ᠴᠦ᠍
ᠡᠷᠭᠢᠵᠦ ᠢᠷᠡᠬᠦ ᠦᠭᠡᠢ ᠦᠭᠡ ᠵᠢᠷᠦᠬᠡᠨ ᠳ᠋ᠦ᠍ ᠣᠷᠣᠲᠠᠯ᠎ᠠ ᠬᠡᠯᠡᠳᠡᠭ ᠶᠦ᠍ᠮ
ᠡᠵᠢ ᠰᠢᠭ ᠴᠢᠨᠢ ᠲᠡᠳᠡ ᠶᠠᠩᠭᠢᠨᠠᠭ᠎ᠠ ᠲᠣᠭᠠᠴᠢᠬᠤ ᠦᠭᠡᠢ ᠴᠦ᠍
ᠡᠳᠡᠭᠡᠷᠡᠬᠦ ᠦᠭᠡᠢ ᠪᠣᠯᠤᠭᠰᠠᠨ ᠦᠶ᠎ᠡ ᠳ᠋ᠦ᠍ ᠪᠡᠨ ᠯᠡ ᠨᠢᠭᠡ ᠶᠣᠣᠯᠠᠳᠠᠭ ᠶᠤᠮ
ᠠᠪᠤ ᠶ᠋ᠢ ᠪᠡᠨ ᠬᠠᠶ᠋ᠢᠷᠠᠯᠠᠵᠤ ᠶᠠᠪᠤᠭᠠᠷᠠᠢ
ᠲᠠᠮᠠᠬᠢ ᠰᠢᠩᠭᠡᠭᠰᠡᠨ ᠭᠠᠷ ᠊ᠢ ᠲᠠᠨᠢ
ᠠᠭᠢᠭᠠᠳ ᠨᠢᠭᠡ ᠦᠨᠦᠷᠯᠡᠬᠦ ᠰᠠᠨ ᠠᠪᠤ ᠠ᠋
ᠲᠠᠨ ᠤ᠋ ᠢ᠋ᠶ᠋ᠡᠨ ᠬᠠᠳᠠᠭᠠᠯᠠᠭᠰᠠᠨ ᠰᠢᠬᠢᠷ ᠊ᠢ ᠠᠭᠢᠭᠠᠳ ᠨᠢᠭᠡ ᠬᠦᠯᠬᠦᠬᠦ ᠰᠠᠨ
ᠰᠠᠬᠠᠯ ᠲᠠᠢ ᠤᠷᠤᠭᠤᠯ ᠳ᠋ᠤ᠌ ᠲᠠᠨᠢ ᠠᠭᠢᠭᠠᠳ ᠨᠢᠭᠡ ᠦᠨᠦᠷᠯᠡᠭᠦᠯᠬᠦ ᠰᠠᠨ ᠠᠪᠤ ᠠ᠋
ᠰᠠᠯᠬᠢ ᠰᠡᠪᠢᠯᠵᠡᠭᠰᠡᠨ ᠲᠠᠯ᠎ᠠ ᠪᠠᠷ ᠠᠭᠢᠭᠠᠳ ᠠᠪᠤ ᠲᠠᠢ ᠪᠠᠨ ᠠᠯᠬᠤᠬᠤ ᠰᠠᠨ
ᠡᠪᠦᠭᠡᠨ ᠮᠠᠭᠤ ᠠᠪᠤ ᠶ᠋ᠢᠨ ᠢ᠋ᠶ᠋ᠡᠨ ᠬᠤᠪᠴᠠᠰᠤ ᠶ᠋ᠢ ᠨᠢ ᠤᠬᠢᠶᠠᠵᠤ ᠥᠭᠭᠦᠭᠰᠡᠨ ᠪᠢᠯᠡ ᠤᠤ ᠪᠢ?
ᠥᠲᠡᠯᠦᠭᠡ ᠪᠣᠯᠤᠭᠰᠠᠨ ᠠᠪᠤ ᠶ᠋ᠢᠨ ᠢ᠋ᠶ᠋ᠡᠨ ᠬᠥᠯ ᠊ᠢ ᠨᠢ ᠪᠠᠷᠢᠵᠤ ᠦᠵᠡᠭᠰᠡᠨ ᠪᠢᠯᠡ ᠤᠤ ᠪᠢ?
ᠶᠠᠳᠠᠷᠠᠭᠰᠠᠨ ᠮᠠᠭᠤ ᠠᠪᠤ ᠶ᠋ᠢᠨ ᠢ᠋ᠶ᠋ᠡᠨ ᠣᠷᠣ ᠶ᠋ᠢ ᠨᠢ ᠨᠢᠭᠡ ᠤᠳᠠᠭ᠎ᠠ ᠵᠠᠰᠠᠵᠤ ᠥᠭᠭᠦᠭᠰᠡᠨ ᠪᠢᠯᠡ ᠤᠤ ᠪᠢ?
ᠶᠠᠭᠠᠬᠢᠯ᠎ᠠ ᠳᠠ?
ᠭᠡᠵᠦ ᠪᠣᠳᠣᠵᠤ ᠪᠠᠶ᠋ᠢᠬᠰᠠᠨ ᠤᠤ?
ᠬᠠᠷᠢᠭᠤ ᠨᠡᠬᠡᠳᠡᠭ ᠦᠭᠡᠢ ᠶᠠᠭᠠᠬᠢᠭᠰᠠᠨ ᠶᠡᠬᠡ ᠬᠠᠶ᠋ᠢᠷ᠎ᠠ ᠪᠣᠢ ᠠᠪᠤ ᠠ᠋
ᠬᠠᠶᠠᠭᠠᠳ ᠶᠠᠪᠤᠴᠢᠬᠠᠭᠰᠠᠨ ᠴᠤ᠌ ᠭᠡᠰᠡᠨ ᠴᠦ᠍ ᠶᠠᠮᠠᠷ ᠶᠡᠬᠡ ᠪᠤᠶᠠᠨ ᠪᠣᠢ
ᠦᠷᠦ ᠡᠪᠡᠳᠦᠭᠦᠯᠦᠮ᠎ᠡ ᠰᠡᠳᠬᠢᠯ ᠲᠠᠨᠢ ᠶᠠᠭᠠᠬᠢᠭᠰᠠᠨ ᠶᠡᠬᠡ ᠲᠡᠪᠴᠢᠶᠡᠷᠢ ᠪᠣᠢ ᠠᠪᠤ ᠠ᠋
ᠥᠲᠡᠯᠦᠭᠡ ᠲᠠᠨ ᠤ᠋ ᠮᠢᠨᠢ ᠵᠢᠮᠡᠯᠡᠯ ᠶᠠᠭᠠᠬᠢᠭᠰᠠᠨ ᠶᠡᠬᠡ ᠤᠬᠠᠭᠠᠷᠠᠯ ᠪᠣᠢ
ᠰᠠᠯᠬᠢ ᠰᠡᠪᠢᠯᠵᠡᠭᠰᠡᠨ ᠲᠠᠯ᠎ᠠ ᠪᠠᠷ ᠠᠭᠢᠭᠠᠳ ᠨᠢᠭᠡ ᠠᠪᠤ ᠲᠠᠢ ᠪᠠᠨ ᠠᠯᠬᠤᠬᠤ ᠰᠠᠨ ᠪᠢ

   ᠦᠰᠦᠭ ᠬᠠᠲᠠᠭᠰᠠᠨ ᠨᠢ᠄ ᠣᠲᠣᠨᠭᠡᠷᠡᠯ
   ᠦᠰᠦᠭ ᠠᠮᠢᠯᠠᠭᠤᠯᠤᠭᠰᠠᠨ ᠨᠢ᠄ ᠬᠡᠦᠬᠡᠯᠳᠡᠢ ᠺᠢᠨᠣ᠋ ( 2 ) ᠬᠣᠯᠪᠣᠭ᠎ᠠ
   ᠬᠢᠨᠠᠭᠴᠢ ᠬᠡᠦᠬᠡᠯᠳᠡᠢ ᠺᠢᠨᠣ᠋ ( 2 ) ᠬᠣᠯᠪᠣᠭ᠎ᠠ