ᠮᠠᠷᠭᠠᠰᠢ - ᠯᠢᠭᠳᠡᠨ Маргааш - Лигдэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠷᠭᠠᠰᠢ - ᠯᠢᠭᠳᠡᠨ Маргааш - Лигдэн

ᠮᠠᠷᠭᠠᠰᠢ - ᠯᠢᠭᠳᠡᠨ Маргааш - Лигдэн

2023-06-19

277

ᠮᠠᠷᠭᠠᠰᠢ


      ᠥᠨᠥᠳᠥᠷ ᠦ᠋ᠨ ᠦᠨᠳᠦᠰᠦ ᠮᠥᠴᠢᠷ ᠳᠡᠭᠡᠷ᠎ᠡ ᠰᠠᠭᠤᠭᠰᠠᠨ ᠦᠷ᠎ᠡ ᠵᠢᠮᠢᠰ ᠃ 
      ᠬᠥᠳᠡᠯᠮᠦᠷᠢᠴᠢ ᠬᠥᠮᠦᠨ ᠦ᠌ ᠬᠤᠷᠢᠶᠠᠯᠲᠠ ᠶ᠋ᠢᠨ ᠲᠠᠷᠭᠤᠨ ᠨᠠᠮᠤᠷ ᠃ 
      ᠬᠦᠯᠦᠭ ᠪᠦᠬᠦᠨ ᠦ᠌ ᠭᠦᠶᠦᠯᠲᠡ ᠨᠢ ᠲᠡᠢᠮᠦ ᠬᠤᠷᠳᠤᠨ ᠪᠢᠰᠢ ᠂ ᠬᠥᠮᠦᠨ ᠪᠦᠬᠦᠨ ᠦ᠌ ᠮᠠᠷᠭᠠᠰᠢ ᠨᠢ ᠲᠡᠢᠮᠦ ᠰᠠᠢᠬᠠᠨ ᠪᠢᠰᠢ ᠃ 
      ᠮᠠᠷᠭᠠᠰᠢ ᠢᠨᠢᠶᠡᠬᠦ ᠬᠥᠮᠦᠨ ᠪᠣᠢ ᠂ ᠤᠬᠢᠯᠠᠬᠤ ᠬᠥᠮᠦᠨ ᠴᠦ᠍ ᠪᠣᠢ ᠃ 
      ᠮᠠᠷᠭᠠᠰᠢ ᠶ᠋ᠢ ᠮᠢᠨᠦᠬᠢ ᠭᠡᠵᠦ ᠥᠮᠴᠢᠯᠡᠬᠦ ᠰᠠᠢᠬᠠᠨ ᠃  ᠮᠠᠭᠤᠯᠠᠵᠤ ᠰᠠᠭᠤᠭᠰᠠᠭᠠᠷ ᠠᠯᠳᠠᠭᠠᠳ ᠶᠠᠪᠤᠭᠤᠯᠬᠤ ᠮᠠᠭᠤᠬᠠᠢ ᠃ 
      ᠮᠠᠷᠭᠠᠰᠢ ᠪᠣᠯ ᠤᠷᠤᠯᠳᠤᠭᠠᠨ ᠤ᠋ ᠡᠷᠬᠡ ᠲᠡᠭᠰᠢ ᠤᠲᠠᠰᠤ ᠂ ᠲᠦᠭᠡᠮᠡᠯ ᠬᠠᠢᠷ᠎ᠠ ᠶ᠋ᠢᠨ ᠳ᠋ᠠᠷ᠎ᠠ ᠡᠬᠡ ᠂ ᠢᠨᠢᠶᠡᠭᠡᠳ ᠪᠠᠢᠳᠠᠭ ᠡᠨᠡᠷᠢᠯ  ᠤᠨ ᠳᠠᠭᠢᠨᠢ ᠂ ᠢᠨᠢᠶᠡᠬᠦ ᠶ᠋ᠢ ᠮᠡᠳᠡᠬᠦ ᠦᠭᠡᠢ ᠲᠡᠮᠦᠷ ᠴᠢᠷᠠᠢ ᠃ 
      ᠤᠨᠲᠠᠩᠬᠠᠢ ᠬᠥᠮᠦᠨ ᠳ᠋ᠦ᠍ ᠂ ᠵᠠᠯᠬᠠᠭᠤ ᠬᠥᠮᠦᠨ ᠳ᠋ᠦ᠍ ᠂ ᠵᠣᠷᠢᠭ ᠦᠭᠡᠢ ᠬᠥᠮᠦᠨ ᠳ᠋ᠦ᠍ ᠮᠠᠷᠭᠠᠰᠢ ᠪᠣᠯ ᠥᠨᠥᠳᠥᠷ ᠦ᠋ᠨ ᠤᠷᠤᠭᠤᠳᠠᠯ᠃ ᠤᠨᠲᠠᠩᠬᠠᠢ ᠬᠥᠮᠦᠨ ᠳ᠋ᠦ᠍ ᠨᠢᠭᠡ ᠨᠣᠢᠷ ᠤ᠋ᠨ ᠵᠡᠭᠦᠳᠦ ᠂ ᠵᠠᠯᠬᠠᠭᠤ ᠬᠥᠮᠦᠨ ᠳ᠋ᠦ᠍ ᠨᠢᠭᠡ ᠡᠪᠰᠢᠶᠡᠯᠭᠡ ᠶ᠋ᠢᠨ ᠵᠠᠢ ᠂ ᠵᠣᠷᠢᠭ ᠦᠭᠡᠢ ᠬᠥᠮᠦᠨ ᠳ᠋ᠦ᠍ ᠪᠠᠰᠠ ᠨᠢᠭᠡ ᠰᠡᠭᠦᠷᠡᠰᠦ ᠠᠯᠳᠠᠬᠤ ᠲᠣᠬᠢᠶᠠᠯ ᠃ 
      ᠮᠠᠷᠭᠠᠰᠢ ᠭᠡᠵᠦ ᠮᠡᠬᠡᠯᠡᠬᠦ ᠶ᠋ᠢᠨ ᠠᠷᠭ᠎ᠠ ᠦᠭᠡᠢ ᠮᠡᠷᠭᠡᠨ ᠬᠢᠨᠠᠭᠴᠢ ᠲᠠᠢ ᠂ ᠮᠡᠳᠡᠭᠳᠡᠬᠦ ᠦᠭᠡᠢ ᠵᠠᠪᠰᠢᠨ᠎ᠠ ᠭᠡᠳᠡᠭ ᠭᠤᠨᠵᠢ ᠶ᠋ᠢᠨ ᠵᠣᠭᠣᠭ ᠃ 
      ᠥᠨᠥᠳᠥᠷ ᠦ᠋ᠨ ᠨᠠᠢᠳᠠᠯᠭ᠎ᠠ ᠪᠠᠷ ᠬᠥᠮᠦᠨ ᠪᠦᠬᠦᠨ ᠳ᠋ᠦ᠍ ᠬᠥᠳᠡᠯᠮᠦᠷᠢ ᠶ᠋ᠢᠨ ᠬᠢᠨᠢ ᠬᠠᠷᠢᠭᠤ ᠲᠠᠯᠠᠷᠬᠠᠯ ᠂ ᠬᠤᠪᠢ ᠵᠠᠶᠠᠭᠠᠨ ᠤ᠋ ᠲᠡᠳᠬᠦᠮᠵᠢ᠂ ᠬᠥᠯᠥᠰᠥ ᠬᠦᠴᠦᠨ ᠦ᠌ ᠬᠢᠨᠢ ᠠᠴᠤᠭ ᠬᠠᠷᠠᠮᠵᠢ ᠶ᠋ᠢ ᠬᠤᠪᠢᠶᠠᠷᠢᠯᠠᠬᠤ ᠳ᠋ᠠᠭᠠᠨ ᠥᠨᠥᠳᠥᠷ ᠡᠴᠡ ᠵᠥᠪ ᠵᠦᠭ ᠲᠦ᠍ ᠰᠠᠢᠨ ᠵᠢᠳᠬᠦᠭᠰᠡᠳ ᠲᠦ᠍ ᠪᠥᠵᠢᠭᠯᠡᠬᠦ ᠂ ᠳᠠᠭᠤᠯᠠᠬᠤ ᠂ ᠢᠨᠢᠶᠡᠬᠦ ᠳᠠᠷᠬᠠᠨ ᠡᠷᠬᠡ ᠣᠯᠭᠣᠨ᠎ᠠ ᠂ ᠤᠨᠲᠠᠩᠬᠠᠢ ᠂ ᠵᠠᠯᠬᠠᠭᠤ ᠵᠣᠷᠢᠭ ᠦᠭᠡᠢ ᠬᠥᠮᠦᠨ ᠳ᠋ᠦ᠍ ᠤᠢᠳᠬᠠᠷ ᠭᠤᠨᠢᠭ ᠂ ᠨᠢᠯᠪᠤᠰᠤ ᠰᠡᠭᠦᠷᠡᠰᠦ ᠂ ᠬᠣᠭᠣᠰᠣᠷᠠᠯ ᠶᠤᠮ ᠤᠤ ᠡᠰᠡᠬᠦᠯ᠎ᠡ ᠨᠡᠩ ᠬᠦᠨᠳᠦ ᠵᠠᠯᠬᠠᠭᠠᠯ ᠨᠣᠭᠳᠠᠭᠤᠯᠤᠨ᠎ᠠ ᠃ 
      ᠮᠠᠷᠭᠠᠰᠢ ᠳ᠋ᠤ᠌ ᠬᠡᠯᠡᠯᠭᠡᠨ ᠦᠭᠡᠢ ᠬᠡᠨ ᠴᠦ᠍ ᠳᠤᠷᠠᠲᠠᠢ ᠃ ᠭᠡᠲᠡᠯ᠎ᠡ ᠲᠡᠭᠦᠨ ᠢ᠋ ᠵᠠᠪᠠᠯ ᠥᠨᠥᠳᠥᠷ ᠦ᠋ᠨ ᠬᠥᠳᠡᠯᠮᠦᠷᠢ ᠪᠡᠷ ᠯᠠ ᠵᠠᠬᠢᠶᠠᠯᠠᠬᠤ ᠬᠡᠷᠡᠭᠲᠡᠢ ᠃
                                         1983 12