ᠮᠠᠯᠴᠢᠨ ᠬᠥᠮᠦᠨМалчин хүн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠯᠴᠢᠨ ᠬᠥᠮᠦᠨМалчин хүн

ᠮᠠᠯᠴᠢᠨ ᠬᠥᠮᠦᠨМалчин хүн

2023-06-18

353

ᠮᠠᠯᠴᠢᠨ ᠬᠥᠮᠦᠨ

ᠮᠠᠯᠴᠢᠨ ᠬᠥᠮᠦᠨ ᠬᠠᠮᠤᠭ ᠬᠠᠲᠠᠭᠤ ᠣᠷᠴᠢᠨ ᠳ᠋ᠤ᠌
ᠬᠠᠯᠠᠭᠤᠨ ᠭᠣᠯᠣᠮᠲᠠ ᠪᠠᠨ ᠪᠠᠳᠠᠷᠠᠭᠤᠯᠵᠤ
ᠬᠠᠶ᠋ᠢᠷᠠᠲᠠᠢ ᠰᠦᠷᠦᠭ ᠦ᠋ᠨ ᠢ᠋ᠶ᠋ᠡᠨ ᠲᠥᠯᠥᠭᠡ
ᠬᠠᠯᠠ ᠦᠵᠡᠳᠡᠭ ᠮᠠᠯᠴᠢᠨ ᠬᠥᠮᠦᠨ ᠮᠢᠨᠢ ᠃

ᠬᠠᠪᠤᠷ ᠵᠤᠨ ᠨᠠᠮᠤᠷ ᠡᠪᠦᠯ ᠳ᠋ᠦ᠍ ᠴᠦ᠍
ᠬᠠᠷ᠎ᠠ ᠰᠠᠯᠬᠢ ᠳᠣᠭᠰᠢᠨ ᠰᠢᠭᠤᠷᠭᠠᠨ ᠳ᠋ᠤ᠌ ᠴᠤ᠌
ᠬᠠᠷᠠᠩᠭᠤᠢ ᠰᠥᠨᠢ ᠬᠠᠯᠠᠭᠤᠨ ᠨᠠᠷᠠᠨ ᠳ᠋ᠤ᠌ ᠴᠤ᠌
ᠬᠠᠯᠠᠰᠢᠷᠠᠯ ᠦᠭᠡᠢ ᠴᠢᠷᠮᠠᠶ᠋ᠢᠲᠠᠭ ᠮᠠᠯᠴᠢᠨ ᠬᠥᠮᠦᠨ ᠃

ᠲᠡᠦᠬᠡ ᠰᠤᠳᠤᠷ ᠲᠤ᠌ ᠨᠡᠷ᠎ᠡ ᠪᠡᠨ ᠦᠯᠡᠳᠡᠭᠡᠳᠡᠭ ᠦᠭᠡᠢ
ᠲᠥᠷᠥ ᠭᠦᠷᠦᠨ ᠳ᠋ᠦ᠍ ᠴᠦ᠍ ᠠᠯᠳᠠᠷ ᠭᠠᠷᠭᠠᠭ᠎ᠠ ᠦᠭᠡᠢ
ᠲᠥᠯ ᠮᠠᠯ ᠤ᠋ᠨ ᠢ᠋ᠶ᠋ᠠᠨ ᠲᠥᠯᠥᠭᠡ 

ᠲᠤᠩ ᠶᠡᠬᠡ ᠵᠣᠪᠠᠵᠤ ᠵᠦᠳᠡᠷᠡᠳᠡᠭ ᠮᠠᠯᠴᠢᠨ ᠬᠥᠮᠦᠨ ᠃

ᠥᠨᠥᠴᠢᠨ ᠬᠤᠷᠠᠭ᠎ᠠ ᠴᠤ᠌ ᠦᠬᠦᠭᠦᠯᠬᠦ ᠦᠭᠡᠢ ᠭᠡᠵᠦ
ᠥᠰᠬᠡᠨ ᠪᠣᠶ᠋ᠢᠵᠢᠭᠤᠯᠬᠤ ᠪᠠᠷ ᠦᠢᠯᠡ ᠪᠡᠨ ᠪᠠᠷᠠᠵᠤ
ᠦᠷ᠎ᠡ ᠠᠴᠢ ᠨᠠᠷ ᠲᠤ᠌ ᠪᠠᠨ ᠥᠨᠢᠳᠡ ᠶ᠋ᠢᠨ ᠬᠥᠷᠥᠩᠭᠡ ᠦᠯᠡᠳᠡᠭᠡᠬᠦ ᠪᠡᠷ
ᠦᠰᠦ ᠪᠡᠨ ᠴᠠᠶ᠋ᠢᠲᠠᠯ᠎ᠠ ᠴᠢᠷᠮᠠᠶ᠋ᠢᠲᠠᠭ ᠮᠠᠯᠴᠢᠨ ᠬᠥᠮᠦᠨ ᠃

  ᠦᠰᠦᠭ ᠠᠮᠢᠯᠠᠭᠤᠯᠤᠭᠴᠢ ᠄ ᠭᠠᠷᠮ᠎ᠠ

  ᠦᠰᠦᠭ ᠬᠠᠳᠠᠭᠴᠢ ᠄ ᠬᠠᠰᠴᠢᠮᠡᠭ
 
ᠬᠢᠨᠠᠭᠴᠢ ᠄ ᠣᠤᠠᠬᠠᠨᠰᠣ ‍ᠠ᠋᠂ ᠬᠤᠸᠠᠷ