ᠭᠡᠮᠰᠢᠯ - ᠯᠢᠭᠳᠡᠨ Гэмшил - Лигдэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠮᠰᠢᠯ - ᠯᠢᠭᠳᠡᠨ Гэмшил - Лигдэн

ᠭᠡᠮᠰᠢᠯ - ᠯᠢᠭᠳᠡᠨ Гэмшил - Лигдэн

2023-06-18

266

ᠭᠡᠮᠰᠢᠯ


      ᠪᠢ ᠪᠣᠳᠣᠬᠤ ᠲᠤᠲᠤᠮ ᠰᠣᠨᠢᠷᠬᠠᠨ ᠭᠠᠢᠬᠠᠬᠤ ᠪᠥᠭᠡᠳ ᠰᠣᠴᠢᠨ ᠭᠡᠯᠮᠡᠭᠳᠡᠨ᠎ᠡ ᠄ ᠲᠢᠪ ᠠᠯᠤᠰ ᠤ᠋ᠨ ᠹᠷᠠᠨᠺᠯᠢᠨ ᠶᠠᠭᠠᠬᠢᠭᠠᠳ ᠮᠢᠨᠦ ᠪᠠᠶ᠋ᠢᠲᠠᠯ ᠢ᠋ ᠲᠡᠢᠮᠦ ᠡᠷᠲᠡᠨ ᠡᠴᠡ ᠵᠥᠩᠨᠡᠨ ᠮᠡᠳᠡᠴᠢᠭᠡᠳ ᠨᠣᠶ᠋ᠢᠷ ᠠ᠋ᠴᠠ ᠰᠡᠷᠢᠭᠡᠳᠡᠭ ᠵᠦᠢ ᠶᠣᠰᠣᠨ ᠤ᠋ ᠵᠠᠯᠬᠠᠭᠠᠯ ᠤ᠋ᠨ ᠠᠶᠤᠩᠭ᠎ᠠ ᠪᠠᠨ ᠲᠤᠰᠬᠠᠶ᠋ᠢᠯᠠᠨ ᠴᠡᠨᠡᠭᠯᠡᠭᠡᠳ ᠪᠠᠢᠵᠤ ᠪᠣᠢ ᠳᠠ ⁈ 
     《ᠴᠢ ᠠᠮᠢ ᠨᠠᠰᠤ ᠪᠠᠨ ᠬᠠᠢᠷᠠᠯᠠᠨ᠎ᠠ ‍ᠤᠤ ? ᠲᠡᠭᠡᠪᠡᠯ ᠴᠢ ᠴᠠᠭ ᠢ᠋ ᠲᠠᠯᠠᠭᠠᠷ ᠥᠩᠭᠡᠷᠡᠭᠡᠵᠦ ᠪᠣᠯᠬᠤ ᠦᠭᠡᠢ ᠂ ᠤᠴᠢᠷ ᠨᠢ ᠴᠠᠭ ᠪᠣᠯ ᠠᠮᠢ ᠨᠠᠰᠤ ᠶ᠋ᠢ ᠪᠦᠷᠢᠯᠳᠦᠭᠦᠯᠬᠦ ᠡᠯᠧᠮᠧᠨ᠋ᠲ ᠮᠥᠨ ! 》 
      ᠡᠨᠡ ᠪᠣᠯ ᠶᠣᠰᠣᠲᠠᠢ ᠲᠡᠷᠡ ᠪᠡᠶ᠎ᠡ ᠪᠡᠷ ᠢ᠋ᠶ᠋ᠡᠨ ᠣᠨᠳᠠᠩᠬᠠᠢᠴᠣᠳ ᠢ᠋ ᠵᠡᠭᠦᠳᠦᠨ ᠡᠴᠡ ᠨᠢ ᠰᠡᠷᠢᠭᠡᠭᠴᠢ᠂ ᠤᠷᠮᠠᠰᠢᠯ ᠨᠢ ᠲᠣᠩᠭᠣᠷᠤᠭᠰᠠᠳ ᠊ᠢ ᠬᠥᠯ ᠢ᠋ᠶ᠋ᠡᠷ ᠨᠢ ᠠᠯᠬᠤᠭᠤᠯᠤᠭᠴᠢ ᠨᠢᠭᠡ ᠶᠣᠰᠣᠨ ᠤ᠋ ᠠᠶᠤᠩᠭ᠎ᠠ ᠪᠠᠶ᠋ᠢᠨ᠎ᠠ ᠳᠠ ! 
      ᠠᠶᠤᠩᠭᠠᠨ ᠳ᠋ᠤ᠌ ᠨᠢᠷᠭᠡᠭᠳᠡᠵᠦ ᠦᠵᠡᠭᠡᠳᠦᠢ ᠡᠴᠡ ᠪᠣᠯᠪᠠᠤ ? ᠠᠩᠬ᠎ᠠ ᠤᠳᠠᠭ᠎ᠠ ᠠᠪᠤᠷᠭᠤ ᠶᠡᠬᠡ ᠳᠣᠩᠰᠤᠯᠠᠯᠳᠠ ᠶ᠋ᠢ ᠬᠦᠯᠢᠶᠡᠮᠡᠭᠴᠡ ᠪᠢ ᠰᠣᠴᠢᠰᠬᠢᠨ ᠰᠡᠷᠢᠯ᠎ᠡ ! ᠰᠡᠷᠢᠴᠢᠬᠡᠯ᠎ᠡ !ᠮᠢᠨᠴᠦᠭᠦᠷᠡᠭᠰᠡᠨ ᠪᠡᠶ᠎ᠡ ᠮᠢᠨᠢ ᠮᠡᠳᠡᠷᠡᠯ ᠲᠡᠢ ᠪᠣᠯᠪᠠ᠃  ᠳᠡᠯᠡᠳᠦᠭᠳᠡᠭᠰᠡᠨ  ᠬᠡᠩᠭᠡᠷᠭᠡ ᠰᠢᠭ ᠪᠦᠬᠦ ᠪᠡᠶ᠎ᠡ ᠮᠢᠨᠢ ᠳᠣᠷᠭᠢᠨ ᠳᠣᠩᠰᠣᠯᠵᠤ ᠲᠠᠷᠢᠬᠢ ᠲᠣᠯᠣᠭᠠᠢ ᠲᠦᠨᠡᠷᠡᠨ ᠲᠠᠪᠤᠨ ᠴᠤᠯᠤ ᠰᠢᠮᠰᠢᠷᠡᠨ ᠶᠠᠰᠤ ᠰᠢᠷᠪᠥᠰᠥ ᠮᠢᠨᠢ ᠰᠦᠢᠷᠡᠭᠰᠡᠭᠡᠷ ᠪᠠᠶ᠋ᠢᠨ᠎ᠠ ᠁ 
      ᠴᠠᠭ᠂ ᠴᠠᠭ ᠂ ᠴᠠᠭ ᠠ᠋ ᠃ ᠴᠢᠮᠠᠶ᠋ᠢ ᠪᠢ ᠡᠨᠡ ᠮᠡᠲᠦ ᠬᠠᠢᠷ᠎ᠠ ᠨᠠᠢᠷ ᠦᠭᠡᠢ ᠭᠡᠳᠡᠭ ᠢ᠋ ᠲᠣᠯᠢᠨ ᠤ᠋ ᠡᠮᠦᠨ᠎ᠡ ᠰᠠᠶᠢ ᠮᠡᠳᠡᠷᠡᠪᠡ — ᠤᠪᠠᠳᠢᠰᠲᠤ ᠰᠢᠵᠢᠮ ᠢ᠋ᠶ᠋ᠡᠷ ᠨᠢᠭᠤᠷ ᠢ᠋ ᠮᠢᠨᠢ ᠦᠷᠴᠢᠢᠯᠭᠡᠵᠦ ᠂ ᠬᠤᠪᠢᠯᠭᠠᠨ ᠪᠣᠳᠣᠭ ᠢ᠋ᠶ᠋ᠠᠷ ᠦᠰᠦ ᠭᠡᠵᠢᠭᠡ ᠶ᠋ᠢ ᠮᠢᠨᠢ ᠪᠤᠭᠤᠷᠤᠯᠲᠤᠭᠤᠯᠤᠭᠠᠳ᠂ ᠪᠤᠯᠴᠢᠩ ᠤ᠋ᠨ ᠮᠢᠨᠢ ᠡᠷᠴᠢ ᠶ᠋ᠢ ᠰᠤᠯᠠᠷᠠᠭᠤᠯᠵᠤ ᠂ ᠴᠢᠰᠤᠨ ᠤ᠋ ᠮᠢᠨᠢ ᠡᠷᠭᠢᠯᠲᠡ ᠶ᠋ᠢ ᠤᠳᠠᠭᠠᠰᠢᠷᠠᠭᠤᠯᠵᠠᠢ ᠃ 
      ᠠᠯᠢ ᠵᠠᠪ ᠲᠤᠨᠢ ᠴᠢ ᠰᠡᠪ ᠰᠡᠮᠡᠭᠡᠷᠬᠡᠨ ᠂ ᠭᠡᠬᠦ ᠳ᠋ᠡᠭᠡᠨ ᠴᠢᠳᠬᠥᠷ ᠰᠢᠭ ᠰᠡᠪ  –– ᠰᠡᠮᠡᠭᠡᠷᠬᠡᠨ ᠁ᠨᠠᠭᠠᠳᠴᠤ ᠪᠠᠢᠬᠤ ᠶ᠋ᠢᠨ ᠴᠢᠯᠥᠭᠡᠨ ᠳ᠋ᠦ᠍ ‍ᠦᠦ ? ᠤᠨᠲᠠᠵᠤ  ᠪᠠᠢᠬᠤ ᠶ᠋ᠢᠨ ᠵᠠᠪᠰᠠᠷ ‍ᠤᠤ ? ᠡᠰᠡᠪᠡᠯ ᠢᠳᠡᠵᠦ ᠤᠤᠭᠤᠬᠤ ᠶ᠋ᠢᠨ ᠬᠣᠭᠣᠷᠣᠨᠳᠣ ‍ᠤᠤ? ᠠᠯᠢ ᠵᠠᠪ ᠲᠤᠨᠢ ᠰᠡᠪ ᠰᠡᠮᠡᠭᠡᠷᠬᠡᠨ ᠬᠤᠪᠢᠷᠠᠭᠠᠬᠤ ᠨᠢ ᠡᠨᠡ ᠪᠢᠯᠡ ⁈ 
      ᠳᠥᠷᠪᠡ ᠤᠳᠠᠭ᠎ᠠ ᠵᠢᠯ ᠣᠷᠣᠬᠤ ᠰᠢᠬᠠᠪᠠ ! ᠶᠠᠭᠤ ᠰᠤᠷᠪᠠ ᠳᠠ ? ᠪᠠᠶ᠋ᠢᠭᠠᠯᠢ ᠶ᠋ᠢᠨ ᠰᠢᠨᠵᠢᠯᠡᠬᠦ ᠤᠬᠠᠭᠠᠨ ‍ᠤᠤ?  ᠨᠡᠢᠭᠡᠮ ᠦ᠋ᠨ ᠰᠢᠨᠵᠢᠯᠡᠬᠦ ᠤᠬᠠᠭᠠᠨ ‍ᠤᠤ?  ᠭᠦᠨ ᠤᠬᠠᠭᠠᠨ ‍ᠤᠤ ? ᠡᠰᠡᠬᠦᠯ᠎ᠡ ᠠᠵᠢᠯ ᠬᠥᠳᠡᠯᠮᠦᠷᠢ ‍ᠦᠦ? ᠦᠭᠡᠢ ! ᠶᠠᠭᠤ ᠶ᠋ᠢ ᠠᠰᠠᠭᠤᠪᠠᠴᠤ ᠲᠠᠭ!  ᠶᠠᠭᠤ ᠶ᠋ᠢ ᠦᠵᠡᠪᠡᠴᠦ ᠫᠠᠳ!  ᠶᠠᠭᠤ ᠶ᠋ᠢ ᠰᠣᠨᠣᠰᠪᠠᠴᠤ ᠮᠠᠳ!
      ᠭᠠᠳᠠᠨ᠎ᠠ ᠪᠠᠨ ᠴᠡᠪ ᠴᠡᠪᠡᠷᠬᠡᠨ ᠭᠢᠪ ᠭᠢᠯᠠᠭᠠᠷ᠃
      ᠲᠣᠲᠣᠷ᠎ᠠ ᠪᠠᠨ ᠬᠣᠪ ᠬᠣᠭᠣᠰᠤᠨ ᠬᠥᠪ ᠬᠥᠩᠭᠡᠨ᠃
      ᠥᠩᠭᠡᠷᠡᠭᠰᠡᠨ ᠢ᠋ᠶ᠋ᠡᠨ ᠪᠣᠳᠣᠪᠠᠯ ᠥᠪᠡᠷ ᠦ᠋ᠨ ᠡᠷᠬᠡ ᠦᠭᠡᠢ ᠰᠡᠳᠬᠢᠯ ᠦ᠋ᠨ ᠰᠤᠪᠤᠳ ᠢ᠋ᠶ᠋ᠠᠨ ᠪᠥᠮᠪᠥᠷᠢᠭᠦᠯᠦᠨ᠎ᠡ — ᠪᠠᠭ᠎ᠠ ᠵᠠᠯᠠᠭᠤ ᠶ᠋ᠢᠨ ᠴᠠᠭ ᠲᠤ᠌ ᠪᠠᠭᠰᠢ ᠮᠢᠨᠢ ᠬᠡᠯᠡ ᠪᠡᠨ ᠬᠥᠰᠢᠲᠡᠯ᠎ᠡ ᠬᠢᠴᠢᠶᠡᠯᠯᠡᠵᠦ ᠪᠠᠢᠬᠤ ᠳ᠋ᠤ᠌ ᠪᠢ ᠶᠠᠭᠤᠨ ᠳ᠋ᠤ᠌ ᠰᠢᠪᠠᠭᠤ ᠲᠠᠤᠯᠠᠢ ᠠᠩᠨᠠᠬᠤ ᠶ᠋ᠢ ᠯᠡ ᠪᠣᠳᠣᠳᠠᠭ ᠪᠠᠢᠪᠠ ?( ᠭᠡᠲᠡᠯ᠎ᠡ ᠣᠯᠢᠭ ᠲᠠᠢ ᠠᠩᠴᠢᠨ ᠪᠠᠰᠠ ᠪᠣᠯᠵᠤ ᠴᠢᠳᠠᠭᠰᠠᠨ ᠦᠭᠡᠢ ! ) ᠪᠠᠭᠰᠢ ᠮᠢᠨᠢ ᠶᠠᠳᠠᠷᠠᠵᠤ ᠵᠦᠳᠡᠷᠡᠲᠡᠯ᠎ᠡ ᠪᠡᠨ ᠰᠤᠷᠭᠠᠵᠤ ᠪᠠᠢᠬᠤ ᠳ᠋ᠤ᠌ ᠶᠠᠭᠤᠨ ᠳ᠋ᠤ᠌ ᠲᠡᠭᠡᠵᠦ ᠳᠤᠷ᠎ᠠ ᠦᠭᠡᠢᠴᠡᠨ ᠵᠢᠬᠡᠭᠦᠴᠡᠵᠦ ᠪᠠᠢᠯ᠎ᠠ?  ᠪᠠᠭᠰᠢ ᠶ᠋ᠢᠨ ᠵᠢᠮᠡᠯᠡᠯ᠂ ᠰᠤᠷᠭᠠᠭᠤᠯᠢ ᠶ᠋ᠢᠨ ᠰᠠᠬᠢᠯᠭ᠎ᠠ ᠳᠦᠷᠢᠮ ᠶᠠᠭᠠᠬᠢᠭᠠᠳ ᠡᠷᠯᠢᠭ ᠦ᠋ᠨ ᠲᠠᠰᠢᠭᠤᠷ ᠰᠢᠭ᠋ ᠡᠭᠳᠡᠭᠦᠦ ᠲᠡᠢ ᠰᠠᠨᠠᠭᠳᠠᠳᠠᠭ ᠪᠠᠢᠬᠤ ᠪᠣᠢ ⁈ᠳ᠋ᠧᠩ ᠦ᠋ᠨ ᠳᠣᠣᠷ᠎ᠠ ᠬᠥᠮᠦᠰ ᠰᠤᠷᠤᠯᠴᠠᠵᠤ ᠪᠠᠢᠬᠤ ᠳ᠋ᠤ᠌ ᠳᠡᠷ᠎ᠡ ᠶ᠋ᠢᠨ ᠳᠡᠭᠡᠷ᠎ᠡ ᠪᠢ ᠬᠤᠷᠬᠢᠷᠠᠵᠤ ᠪᠠᠢᠳᠠᠭ ᠃ ᠪᠢ ᠶᠠᠭ ᠯᠠ ᠪᠠᠭᠰᠢ ᠶ᠋ᠢᠨ ᠢ᠋ᠶ᠋ᠡᠨ ᠲᠥᠯᠥᠭᠡ ᠰᠤᠷᠴᠤ ᠪᠠᠢᠬᠤ ᠰᠢᠭ᠋ ᠪᠠᠭᠰᠢ ᠪᠠᠨ ᠬᠠᠭᠤᠷᠬᠤ ᠠᠷᠭ᠎ᠠ ᠶ᠋ᠢ ᠮᠠᠩᠨᠠᠢ ᠪᠠᠨ ᠦᠷᠴᠢᠢᠲᠡᠯ᠎ᠡ ᠪᠢᠰᠢᠯᠭᠠᠵᠤ ᠪᠠᠢᠳᠠᠭ ᠰᠠᠨ᠃ ᠡᠦᠲᠦ ᠪᠣᠳᠣᠬᠤᠯᠠᠷ —  ᠪᠠᠭᠰᠢ ᠪᠠᠨ ᠬᠠᠭᠤᠷᠤᠭᠰᠠᠨ ᠪᠢᠰᠢ ᠪᠡᠶ᠎ᠡ ᠪᠡᠨ ᠮᠡᠬᠡᠯᠡᠭᠰᠡᠨ ᠠᠵᠢ ! 
      ᠬᠡᠳᠦᠢᠴᠢᠨᠡᠭᠡᠨ ᠬᠠᠭᠤᠷᠮᠠᠭ ᠦᠵᠡᠭᠳᠡᠯ  ᠨᠠᠮᠠᠶ᠋ᠢ ᠦᠨᠡᠭᠡᠨ ᠰᠡᠭᠦᠯ ᠢ᠋ᠶ᠋ᠡᠷ ᠳᠠᠯᠠᠯᠤᠨ ᠵᠡᠷᠭᠡᠯᠭᠡᠨ ᠣᠷᠳᠣᠨ ᠳ᠋ᠤ᠌ ᠤᠷᠢᠪᠠ ᠳᠠ! ᠰᠠᠭᠰᠠᠭᠤ ᠵᠠᠯᠠᠭᠤᠴᠤᠳ ᠤ᠋ᠨ ᠰᠠᠢᠬᠠᠨ ᠦᠭᠡ ᠶ᠋ᠢ ᠢᠲᠡᠭᠡᠭᠡᠳ ᠠᠳᠠ ᠨᠢᠭᠡ ᠴᠠᠭ᠂ ᠲᠡᠨᠳᠡ ᠬᠣᠶᠠᠷ ᠴᠠᠭ᠃ ᠡᠭᠦᠨ ᠲᠡᠢ ᠨᠢᠭᠡ ᠡᠳᠦᠷ᠂ ᠲᠡᠭᠦᠨ ᠲᠡᠢ ᠬᠣᠶᠠᠷ ᠡᠳᠦᠷ ᠨᠥᠬᠥᠷᠯᠡᠭᠡᠳ ᠁ ᠠᠷᠢᠬᠢᠨ ᠤ᠋ ᠠᠮᠲᠠ ᠶ᠋ᠢ  ᠪᠠᠭᠠᠲᠤᠷ ᠤ᠋ᠨ ᠳᠦᠷᠢ ᠪᠡᠷ ᠰᠣᠨᠢᠷᠬᠠᠨ ᠂ ᠤᠲᠤᠭᠠᠨ ᠤ᠋ ᠤᠭᠠᠯᠵᠠ ᠶ᠋ᠢ ᠬᠡᠯᠡᠨ ᠦ᠌ ᠡᠷᠳᠡᠮ ᠢ᠋ᠶ᠋ᠡᠷ  ᠴᠠᠭᠠᠷᠢᠭᠯᠠᠭᠤᠯᠵᠤ ᠪᠠᠢᠪᠠ ᠁ 
      ᠪᠦᠬᠦᠯᠢ ᠪᠦᠬᠦᠯᠢ ᠡᠳᠦᠷ ᠢ᠋ᠶ᠋ᠡᠷ ᠤ᠌ᠤ ᠶ᠋ᠢᠨ ᠴᠢᠷᠠᠢ ᠨᠢᠳᠦ ᠶ᠋ᠢ ᠮᠢᠨᠢ ᠴᠢᠯᠡᠲᠡᠯ᠎ᠡ ᠬᠥᠲᠥᠯᠵᠦ ᠪᠦᠲᠦᠨ ᠪᠦᠲᠦᠨ ᠰᠥᠨᠢ ᠪᠡᠷ ᠰᠠᠯᠠᠭ᠎ᠠ ᠭᠡᠵᠢᠭᠡ ᠰᠠᠨᠠᠭ᠎ᠠ ᠰᠡᠳᠬᠢᠯ ᠢ᠋ ᠮᠢᠨᠢ — ᠡᠵᠡᠯᠡᠨ ᠴᠠᠭ ᠤ᠋ᠨ ᠣᠷᠬᠣᠳᠠᠢ ᠶ᠋ᠢ ᠮᠢᠨᠢ ᠬᠤᠯᠤᠭᠠᠨ᠎ᠠ ᠰᠢᠭ᠋ ᠬᠤᠯᠠᠭᠠᠢᠯᠠᠨ ᠵᠥᠭᠡᠭᠡᠭᠰᠡᠨ ᠢ᠋ ᠡᠳᠦᠭᠡ ᠡᠯᠧᠺᠲ᠋ᠷᠣᠨ ᠪᠣᠳᠣᠯᠭ᠎ᠠ ᠶ᠋ᠢᠨ ᠮᠠᠰᠢᠨ ᠢ᠋ᠶ᠋ᠠᠷ ᠴᠤ᠌ ᠪᠤᠳᠤᠬᠤᠶ᠎ᠠ ᠪᠡᠷᠬᠡ ! ᠨᠢᠳᠦᠨ ᠦ᠌ ᠮᠢᠨᠢ ᠬᠠᠮᠤᠭ ᠤ᠋ᠨ ᠬᠤᠷᠴᠠ ᠬᠠᠷᠠᠭ᠎ᠠ ᠶ᠋ᠢ ᠂ ᠴᠢᠬᠢᠨ ᠦ᠌ ᠮᠢᠨᠢ ᠬᠠᠮᠤᠭ ᠤ᠋ᠨ ᠰᠣᠷᠭᠣᠭ ᠰᠣᠨᠣᠷ ᠢ᠋ ᠂ ᠪᠡᠶ᠎ᠡ ᠶ᠋ᠢᠨ ᠮᠢᠨᠢ ᠬᠠᠮᠤᠭ ᠤ᠋ᠨ ᠠᠮᠢᠳᠤ ᠰᠠᠷᠠᠯ ᠢ᠋ ᠂ ᠬᠥᠯ ᠦ᠋ᠨ ᠮᠢᠨᠢ ᠬᠠᠮᠤᠭ ᠤ᠋ᠨ ᠤᠷᠠᠨ ᠬᠥᠳᠡᠯᠦᠯ ᠢ᠋ ᠲᠡᠷᠡ ᠵᠦᠭ ᠂ ᠲᠡᠳᠡ ᠮᠣᠭᠠᠢ ᠰᠢᠭ᠋ ᠰᠤᠷᠤᠭᠠᠳ ᠵᠠᠯᠭᠢᠵᠠᠢ ᠃ ᠬᠤᠪᠴᠠᠰᠤᠨ ᠤ᠋ ᠬᠡᠯᠪᠡᠷᠢ  ᠮᠠᠶᠢᠭ ᠂ ᠢᠳᠡᠭᠡᠨ ᠦ᠌ ᠠᠮᠲᠠ ᠦᠨᠦᠷ ᠂ ᠰᠢᠷᠡᠭᠡᠨ ᠳᠡᠭᠡᠷᠡᠬᠢ ᠴᠡᠩᠭᠡᠯ ᠮᠢᠨᠦ ᠰᠦᠨᠡᠰᠦ ᠶ᠋ᠢ ᠣᠭᠲᠠᠷᠭᠤᠢ ᠶ᠋ᠢᠨ ᠴᠢᠨᠠᠳᠤᠬᠢ ᠤᠪᠠᠳᠢᠰᠲᠤ ᠰᠣᠯᠣᠩᠭ᠎ᠠ ᠶ᠋ᠢᠨ ᠶᠢᠷᠲᠢᠨᠴᠦ ᠳ᠋ᠦ᠍ ᠲᠥᠭᠡᠷᠢᠭᠦᠯᠳᠡᠭ ᠃  
      ᠪᠥᠮᠪᠦᠭᠡᠨ ᠲᠠᠯᠠᠪᠠᠢ ᠂ ᠪᠥᠵᠢᠭ ᠦ᠋ᠨ ᠲᠠᠩᠬᠢᠮ᠂ ᠤᠨᠲᠠᠯᠭ᠎ᠠ ᠶ᠋ᠢᠨ ᠣᠷᠣ ᠂ ᠪᠤᠳᠠᠭᠠᠨ ᠤ᠋ ᠰᠢᠷᠡᠭᠡ ᠂ ᠰᠢᠳᠠᠷ ᠤ᠋ᠨ ᠬᠥᠯᠭᠡ ᠂ ᠴᠠᠭ ᠢ᠋ ᠮᠢᠨᠢ ᠂ ᠠᠮᠢ ᠶ᠋ᠢ ᠮᠢᠨᠢ — ᠠᠯᠲᠠ ᠶ᠋ᠢ ᠮᠢᠨᠢ ᠠᠪᠳᠠᠷ᠎ᠠ ᠠᠪᠳᠠᠷ᠎ᠠ ᠪᠠᠷ ᠠᠪᠠᠴᠢᠵᠠᠢ᠃ ᠥᠨᠢᠳᠡ ᠠᠪᠠᠴᠢᠵᠠᠢ !ᠪᠢ ᠡᠦᠲᠦ ᠰᠠᠶᠢ ᠯᠠ ᠮᠡᠳᠡᠯ᠎ᠡ !  ᠳᠡᠯᠡᠬᠡᠢ ᠳᠡᠭᠡᠷ᠎ᠡ ᠬᠥᠮᠦᠨ ᠶᠠᠮᠠᠷ ᠡᠷᠳᠡᠨᠢ ᠪᠡᠨ ᠠᠯᠳᠠᠭᠰᠠᠨ ᠴᠤ᠌ ᠪᠦᠷ ᠳᠠᠬᠢᠭᠠᠳ ᠣᠯᠵᠤ ᠪᠣᠯᠤᠨ᠎ᠠ ᠂ ᠭᠡᠪᠡᠴᠦ ᠴᠠᠭ ᠤ᠋ᠨ ᠠᠯᠲᠠ ᠪᠠᠨ  ᠠᠯᠳᠠᠪᠠᠯ ᠳᠠᠬᠢᠨ  ᠣᠯᠵᠤ ᠴᠢᠳᠠᠬᠤ ᠦᠭᠡᠢ ! 
      ᠲᠡᠦᠬᠡ ᠨᠠᠮᠲᠠᠷ ᠤ᠋ᠨ ᠬᠡᠮᠵᠢᠭᠦᠷ ᠳᠡᠭᠡᠷ᠎ᠡ ᠪᠡᠶ᠎ᠡ ᠪᠡᠨ ᠵᠠᠳᠠᠯᠤᠭᠤᠯᠪᠠᠯ᠄ ᠤᠨᠲᠠᠭᠠᠳ ᠠᠷᠪᠠᠨ ᠲᠠᠪᠤᠨ ᠵᠢᠯ᠂ ᠢᠳᠡᠭᠡᠳ ᠠᠷᠪᠠᠨ ᠲᠠᠪᠤᠨ ᠵᠢᠯ ᠂ ᠨᠠᠭᠠᠳᠤᠭᠠᠳ  ᠠᠷᠪᠠᠨ ᠲᠠᠪᠤᠨ ᠵᠢᠯ ᠁ 
      ᠪᠢ ᠭᠡᠮᠰᠢᠨ᠎ᠡ ! ᠪᠡᠶ᠎ᠡ ᠳ᠋ᠡᠭᠡᠨ ᠭᠣᠮᠣᠳᠠᠨ᠎ᠠ ! ᠬᠤᠳᠠᠯ ᠳ᠋ᠤ᠌ ᠪᠠᠴᠢᠯᠠᠭᠳᠠᠭᠰᠠᠨ ᠳ᠋ᠠᠭᠠᠨ ᠂ ᠬᠠᠭᠤᠷᠮᠠᠭ ᠲᠤ᠌ ᠮᠡᠬᠡᠯᠡᠭᠳᠡᠭᠰᠡᠨ ᠳ᠋ᠡᠭᠡᠨ ᠂ ᠬᠣᠭᠣᠰᠣᠨ ᠬᠣᠴᠣᠷᠤᠭᠰᠠᠨ ᠳ᠋ᠠᠭᠠᠨ ᠁ 
      ᠪᠢ ᠬᠣᠷᠣᠰᠤᠨ᠎ᠠ ! ᠥᠨᠢᠳᠡ ᠬᠣᠷᠣᠰᠤᠨ᠎ᠠ — ᠨᠠᠮᠠᠶ᠋ᠢ ᠬᠣᠣᠷᠯᠠᠭᠰᠠᠨ ᠂ ᠬᠣᠷᠸ᠎ᠠ ᠶ᠋ᠢ ᠮᠡᠬᠡᠯᠡᠭᠰᠡᠨ ᠨᠡᠢᠭᠡᠮ ᠦ᠋ᠨ ᠬᠣᠭ ᠨᠣᠪᠰᠢᠨ ᠳ᠋ᠤ᠌ ! 
      ᠴᠠᠭ᠂ ᠴᠠᠭ᠂ ᠴᠠᠭ ᠠ᠋ !  ᠴᠢᠮᠠᠶ᠋ᠢ ᠪᠢ ᠤᠷᠭᠠᠯᠠᠨ ᠪᠤᠴᠠᠭᠠᠵᠤ ᠴᠢᠳᠠᠬᠤ ᠦᠭᠡᠢ ᠪᠣᠯᠪᠠᠴᠤ ᠦᠯᠡᠳᠡᠭᠰᠡᠨ ᠬᠠᠭᠠᠰ ᠨᠠᠰᠤᠨ ᠤ᠋ ᠪᠠᠨ ᠮᠢᠨᠦ᠋ᠲ ᠪᠦᠷᠢ ᠶ᠋ᠢ᠂   ᠰᠧᠺᠦ᠋ᠨ᠋ᠳ᠋ ᠪᠦᠷᠢ ᠶ᠋ᠢ ᠰᠢᠵᠢᠷ ᠠᠯᠲᠠᠨ ᠵᠣᠭᠣᠰ ᠢ᠋ᠶ᠋ᠠᠷ ᠦᠨᠡᠯᠡᠨ ᠵᠠᠷᠤᠨ᠎ᠠ! 
      ᠬᠡᠯᠡᠭᠰᠡᠨ ᠢ᠋ᠶ᠋ᠡᠨ ᠭᠡᠷᠡᠴᠢᠯᠡᠬᠦ ᠶ᠋ᠢᠨ ᠲᠥᠯᠥᠭᠡ ᠬᠡᠨ ᠦ᠌ ᠤᠷᠤᠯᠳᠤᠭᠠᠨ ᠢ᠋ ᠴᠦ᠍ ᠬᠦᠯᠢᠶᠡᠨ ᠠᠪᠤᠨ᠎ᠠ!  
      ᠵᠠ ᠶᠡᠷᠦᠨᠢ ᠣᠳᠣ ᠠ᠋ᠴᠠ ᠠᠵᠢᠯ ᠰᠤᠷᠤᠯᠭ᠎ᠠ ᠶ᠋ᠢᠨ ᠠᠰᠠᠷ ᠤ᠋ᠨ ᠱᠠᠲᠤ ᠪᠠᠷ ᠲᠦᠷᠭᠡᠨ ᠮᠥᠷᠲᠡᠭᠡᠨ ᠳᠠᠭᠠᠭᠠᠮᠠᠭᠠᠢ ᠠᠪᠠᠷᠢᠯᠲᠠ ᠶ᠋ᠢᠨ ᠤᠷᠤᠯᠳᠤᠭᠠᠨ ᠵᠠᠷᠯᠠᠵᠠᠭᠠᠶ᠎ᠠ ! 
      ᠥᠩᠭᠡᠷᠡᠭᠰᠡᠨ ᠬᠠᠭᠠᠰ ᠨᠠᠰᠤᠨ ᠤ᠋ ᠪᠠᠨ ᠰᠢᠵᠢᠷ ᠠᠯᠲᠠ ᠪᠠᠷ ᠬᠤᠳᠠᠯᠳᠤᠨ ᠠᠪᠴᠢᠷᠠᠭᠰᠠᠨ ᠨᠢᠭᠡ ᠳᠡᠪᠲᠡᠷ《 ᠵᠠᠯᠠᠭᠤ ᠨᠠᠰᠤᠨ ᠤ᠋ ᠴᠡᠭᠡᠷ》 ᠢ᠋ ᠤᠩᠰᠢᠬᠤ ᠬᠥᠮᠦᠨ ᠪᠠᠢᠪᠠᠯ ᠳᠤᠷᠠᠲᠠᠶ᠎ᠠ ᠬᠦᠷᠭᠡᠵᠦ ᠦᠭᠬᠦᠶ᠎ᠡ ! 
                                1978 ᠣᠨ