ᠤᠬᠠᠭᠠᠨᠲᠤ ᠬᠦᠦ ᠶᠢᠨ ᠦᠯᠢᠭᠡᠷУхаант хүүгийн үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠬᠠᠭᠠᠨᠲᠤ ᠬᠦᠦ ᠶᠢᠨ ᠦᠯᠢᠭᠡᠷУхаант хүүгийн үлгэр

ᠤᠬᠠᠭᠠᠨᠲᠤ ᠬᠦᠦ ᠶᠢᠨ ᠦᠯᠢᠭᠡᠷУхаант хүүгийн үлгэр

ᠠᠩᠭᠢᠯᠠᠯ:ᠳᠣᠮᠣᠭ ᠦᠯᠢᠭᠡᠷ
2023-06-18

696

ᠤᠬᠠᠭᠠᠨᠲᠤ ᠬᠦᠦ ᠶᠢᠨ ᠦᠯᠢᠭᠡᠷ

  ᠵᠧ ᠂ ᠡᠷᠲᠡ ᠤᠷᠢᠳᠤ ᠶ᠋ᠢᠨ ᠴᠠᠭ ᠲᠤ᠌ ᠠᠯᠲᠠᠨ ᠨᠠᠷᠠ ᠶ᠋ᠢ ᠠᠶᠠᠭ᠎ᠠ ᠶ᠋ᠢᠨ ᠴᠢᠨᠡᠭᠡ ᠪᠠᠶ᠋ᠢᠬᠤ ᠳ᠋ᠤ᠌ ᠠᠯᠢᠮᠠᠨ ᠰᠠᠷᠠ ᠶ᠋ᠢ ᠠᠯᠠᠭ᠎ᠠ ᠶ᠋ᠢᠨ ᠴᠢᠨᠡᠭᠡ ᠪᠠᠶ᠋ᠢᠬᠤ ᠳ᠋ᠤ᠌ ᠰᠦᠮᠪᠦᠷ ᠠᠭᠤᠯᠠ ᠶ᠋ᠢ ᠳᠣᠪᠣ ᠳᠣᠪᠣᠴᠠᠭ ᠪᠠᠶ᠋ᠢᠬᠤ ᠳ᠋ᠤ᠌ ᠡᠷᠲᠡᠨ ᠦ᠌ ᠮᠠᠨ ᠤ᠋ ᠤᠯᠤᠰ ᠲᠤ᠌ ᠡᠨᠡᠬᠦ ᠶᠠᠪᠤᠳᠠᠯ ᠲᠣᠬᠢᠶᠠᠯᠳᠤᠭᠰᠠᠨ ᠶᠤᠮᠰᠠᠨᠵᠠᠢ᠃ ᠤᠬᠠᠭᠠᠨ ᠪᠢᠯᠢᠭ ᠰᠠᠷᠠᠭᠤᠯ ᠦᠭᠡ ᠬᠡᠯᠡ ᠨᠢ ᠴᠡᠴᠡᠨ ᠨᠠᠷᠠᠨᠲᠠᠯᠠᠢ ᠬᠦᠦ ᠭᠡᠵᠦ ᠪᠠᠶ᠋ᠢᠪᠠ ᠭᠡᠨ᠎ᠡ᠃ ᠨᠢᠭᠡᠨ ᠡᠳᠦᠷ ᠬᠦᠦ ᠡᠨᠡ ᠪᠡᠶ᠎ᠡ ᠮᠢᠨᠢ ᠥᠰᠴᠦ ᠲᠣᠷᠨᠢᠯ᠎ᠠ᠂ ᠡᠩ ᠦᠭᠡᠢ ᠣᠷᠴᠢᠯᠠᠩ ᠠᠭᠤᠳᠠᠮ ᠭᠡᠳᠡᠭ᠂ ᠡᠷᠳᠡᠮ ᠤᠬᠠᠭᠠᠨ ᠢ᠋ᠶ᠋ᠠᠨ ᠰᠣᠷᠢᠶ᠎ᠠ᠂ ᠡᠮᠡᠭᠡᠯᠲᠦ ᠬᠦᠯᠦᠭ ᠮᠢᠨᠢ ᠰᠣᠶ᠋ᠢᠯᠲᠠᠲᠠᠢ ᠪᠠᠶ᠋ᠢᠨ᠎ᠠ ᠃ ᠢᠩᠭᠢᠭᠡᠳ ᠬᠦᠯᠦᠭ ᠦ᠋ᠨ ᠵᠢᠯᠣᠭᠣ ᠶ᠋ᠢ ᠠᠯᠤᠰ ᠨᠤᠲᠤᠭ ᠤ᠋ᠨ ᠵᠦᠭ ᠵᠠᠯᠠᠵᠠᠢ᠃ ᠬᠦᠦ ᠬᠣᠯᠠ ᠨᠤᠲᠤᠭ ᠤ᠋ᠨ ᠳᠡᠭᠡᠰᠦ ᠶ᠋ᠢ ᠠᠯᠬᠤᠭᠠᠳ ᠤᠳᠠᠭ᠎ᠠ ᠦᠭᠡᠢ ᠪᠠᠶ᠋ᠢᠲᠠᠯ᠎ᠠ ᠭᠤᠨᠢᠭᠯᠠᠨ ᠶᠠᠪᠤᠬᠤ ᠨᠢᠭᠡᠨ ᠨᠠᠰᠤᠲᠠᠢ ᠬᠥᠮᠦᠨ ᠲᠠᠭᠠᠷᠠᠯᠳᠤᠪᠠ ᠭᠡᠨ᠎ᠡ ᠂ ᠠᠢ ᠨᠠᠰᠤᠲᠠᠨ ᠮᠢᠨᠢ ᠲᠠ ᠠᠮᠤᠭᠤᠯᠠᠩ ᠰᠠᠭᠤᠵᠤ ᠪᠠᠶ᠋ᠢᠨ᠎ᠠ ‍ᠤᠤ ? ᠠ᠋ ᠬᠦᠦ ᠮᠢᠨᠢ ᠡᠮᠡᠭᠡᠨ ᠪᠣᠯᠤᠭᠰᠠᠨ ᠪᠡᠶ᠎ᠡ ᠮᠢᠨᠢ ᠡᠩᠬᠡ ᠲᠤᠩᠬ᠎ᠠ ᠪᠠᠶ᠋ᠢᠨ᠎ᠠ᠂ ᠡᠨᠡᠬᠡᠨ ᠨᠤᠲᠤᠭ ᠲᠤ᠌ ᠮᠢᠨᠢ ᠬᠠᠷᠢᠨ ᠶᠡᠬᠡ ᠵᠣᠪᠠᠯᠠᠩ ᠤᠴᠠᠷᠠᠭᠠᠳ ᠪᠠᠶ᠋ᠢᠨ᠎ᠠ᠂ ᠵᠢᠷᠭᠤᠭᠠᠨ ᠵᠢᠯ ᠦ᠋ᠨ ᠲᠡᠷᠲᠡᠭᠡ ᠵᠢᠷᠤᠭ ᠰᠢᠭ᠋ ᠨᠤᠲᠤᠭ ᠲᠤ᠌ ᠮᠢᠨᠢ ᠬᠠᠷᠭᠢᠰ ᠨᠢᠭᠡᠨ ᠮᠠᠩᠭᠤᠰ ᠡᠮᠦᠨ᠎ᠡ ᠵᠦᠭ ᠡᠴᠡ ᠢᠷᠡᠵᠦ ᠰᠠᠭᠤᠭᠠᠳ ᠥᠨᠢᠷ ᠣᠯᠠᠨ ᠊ᠢ ᠮᠢᠨᠢ ᠶᠡᠬᠡᠯ᠎ᠡ ᠵᠣᠪᠠᠭᠠᠯ᠎ᠠ ᠳᠠ᠂ ᠣᠯᠠᠨ ᠪᠠᠭᠠᠲᠤᠷ ᠡᠷᠡᠰ ᠮᠠᠩᠭᠤᠰ ᠊ᠢ ᠳᠠᠷᠤᠬᠤ ᠪᠠᠷ ᠮᠣᠷᠳᠠᠭᠰᠠᠨ ᠴᠤ᠌ ᠡᠷᠭᠢᠵᠦ ᠨᠢᠭᠡ ᠨᠢ ᠴᠦ᠍ ᠢᠷᠡᠭᠰᠡᠨ ᠦᠭᠡᠢ ᠳᠡ ᠂ ᠠᠢ ᠬᠦᠦ ᠮᠢᠨᠢ ᠮᠠᠩᠭᠤᠰ ᠠᠷᠤ ᠶ᠋ᠢᠨ ᠠᠭᠤᠯᠠᠨ ᠳ᠋ᠤ᠌ ᠪᠣᠢ ᠰᠢᠦ ᠂ ᠠᠶᠠᠷ ᠠᠶᠠᠷ ᠶᠠᠪᠤᠭᠠᠷᠠᠢ ᠂ ᠠᠯᠤᠰ ᠢ᠋ᠶ᠋ᠠᠷ ᠥᠩᠭᠡᠷᠡᠬᠦ ᠶ᠋ᠢ ᠬᠢᠴᠢᠶᠡᠭᠡᠷᠡᠢ ᠳᠡ ᠂ ᠨᠠᠰᠤᠲᠠᠨ ᠮᠢᠨᠢ ᠲᠠ ᠪᠤᠤ ᠵᠣᠪᠠ ᠳᠠ ᠂ ᠨᠠᠷᠠ ᠳᠠᠪᠢᠭᠰᠠᠨ ᠰᠠᠢᠬᠠᠨ ᠡᠳᠦᠷ ᠨᠠᠶ᠋ᠢᠷᠯᠠᠨ ᠰᠠᠭᠤᠬᠤ ᠴᠠᠭ ᠢᠷᠡᠨ᠎ᠡ᠃ ᠠᠤ ᠁ ᠠᠤ ᠁ ᠦᠳᠡ ᠶ᠋ᠢᠨ ᠮᠢᠨᠢ ᠬᠣᠭᠣᠯᠠ ᠪᠣᠯᠬᠤ ᠭᠡᠳ ᠥᠪᠡᠷ ᠢ᠋ᠶ᠋ᠡᠨ ᠭᠦᠶᠦᠭᠡᠳ ᠢᠷᠡᠪᠡ ‍ᠦᠦ ᠬᠦᠨᠡᠰᠦ ᠬᠣᠭᠣᠯᠠ ᠶ᠋ᠢ ᠮᠢᠨᠢ ᠵᠠᠯᠭᠠᠭᠤᠯᠬᠤ ᠪᠠᠷ ᠬᠦᠷᠦᠭᠡᠳ ᠢᠷᠡᠪᠡ ‍ᠦᠦ ᠴᠢ᠂ ᠵᠠ ᠂ ᠵᠢᠭᠠᠬᠠᠨ ᠬᠦᠦ ᠪᠢ ᠯᠤᠤᠰ ᠤ᠋ᠨ ᠬᠠᠭᠠᠨ ᠤ᠋ ᠬᠢ ᠡᠴᠡ ᠬᠡᠯᠡ ᠬᠦᠷᠭᠡᠵᠦ ᠶᠠᠪᠤᠨ᠎ᠠ ᠂ ᠯᠤᠤᠰ ᠤ᠋ᠨ ᠬᠠᠭᠠᠨ ᠥᠮᠴᠢ ᠪᠡᠨ ᠬᠤᠪᠢᠶᠠᠵᠤ ᠪᠠᠶ᠋ᠢᠨ᠎ᠠ ᠂ ᠬᠥᠮᠦᠨ ᠪᠦᠷᠢ ᠬᠤᠪᠢ ᠬᠦᠷᠲᠡᠬᠦ ᠭᠡᠵᠦ ᠦᠢᠮᠡᠭᠡᠳ ᠬᠦᠦ ᠨᠠᠳᠠ ᠠ᠋ᠴᠠ ᠥᠭᠡᠷ᠎ᠡ ᠵᠠᠷᠤᠭᠳᠠᠬᠤ ᠬᠥᠮᠦᠨ ᠦᠭᠡᠢ ᠪᠠᠶ᠋ᠢᠨ᠎ᠠ ᠂ ᠡᠷᠬᠢᠮ ᠮᠠᠩᠭᠤᠰ ᠲᠠᠨ ᠳ᠋ᠤ᠌ ᠠᠳᠤᠭᠤᠨ ᠰᠦᠷᠦᠭ ᠡᠴᠡ ᠪᠡᠨ ᠲᠦᠮᠡ ᠶ᠋ᠢ ᠲᠠᠰᠤᠯᠵᠤ ᠬᠦᠯᠦᠭ ᠦ᠋ᠨ ᠮᠠᠩᠯᠠᠢ ᠵᠢᠭᠦᠷᠲᠦ ᠪᠣᠷᠣ ᠮᠣᠷᠢ ᠪᠠᠷ ᠢ᠋ᠶ᠋ᠠᠨ ᠬᠡᠰᠢᠭ ᠬᠦᠷᠲᠡᠭᠡᠨ᠎ᠡ ᠭᠡᠳ ᠬᠡᠵᠢᠶ᠎ᠡ ᠮᠣᠷᠢᠯᠠᠬᠤ ᠶ᠋ᠢ ᠴᠢᠨᠢ ᠬᠦᠯᠢᠶᠡᠵᠦ ᠰᠠᠭᠤᠵᠤ ᠪᠠᠶ᠋ᠢᠨ᠎ᠠ ᠯᠠᠢ ᠂ ᠬᠦᠦ ᠴᠢ ᠵᠠᠮ ᠵᠢᠭ᠎ᠠ ᠂ ᠯᠤᠤᠰ ᠤ᠋ᠨ ᠬᠠᠭᠠᠨᠲᠠᠨ ᠬᠠᠮᠢᠭ᠎ᠠ ᠰᠠᠭᠤᠳᠠᠭ ᠶᠤᠮ ᠂ ᠵᠠ ᠡᠨᠡ ᠵᠠᠮ ᠵᠢᠭᠠᠭᠴᠢ ᠰᠢᠳᠢᠲᠦ ᠴᠢᠯᠠᠭᠤ ᠂ ᠠᠯᠳᠠᠵᠤ ᠭᠡᠭᠡᠬᠦ ᠪᠣᠢ ᠳᠠ ᠠᠩᠵᠠᠭᠠᠷᠠᠵᠤ ᠬᠢᠮᠠᠭᠠᠳᠠᠵᠤ ᠶᠠᠪᠤᠭᠠᠷᠠᠢ ᠂ ᠣᠳᠣ ᠢᠩᠭᠢᠭᠡᠳ ᠣᠷᠣ ! ᠬᠥᠲᠥᠴᠢ ᠴᠢᠯᠠᠭᠤ ᠴᠢᠨᠢ ᠥᠪᠡᠷ ᠢ᠋ᠶ᠋ᠡᠨ ᠬᠦᠷᠭᠡᠭᠡᠳ ᠥᠭᠭᠦᠨ᠎ᠡ ᠠ᠋ ᠯᠤᠤᠰ ᠤ᠋ᠨ ᠬᠠᠭᠠᠨ ᠳ᠋ᠤ᠌ ᠂ ᠠᠤ ᠁ ᠠᠤ ᠁ ᠬᠠᠷᠭᠢᠰ ᠮᠠᠩᠭᠤᠰ ᠡᠶ᠋ᠢᠨᠬᠦ ᠤᠬᠠᠭᠠᠨ ᠮᠤᠯᠭᠤᠤ ᠠ᠋ᠴᠠ ᠪᠣᠯᠵᠤ ᠤᠰᠤᠨ ᠳ᠋ᠤ᠌ ᠣᠢᠵᠤ ᠦᠬᠦᠵᠡᠢ ᠃ ᠵᠤᠵᠠᠭᠠᠨ ᠠᠶᠤᠯ ᠨᠥᠮᠥᠷᠦᠭᠰᠡᠨ ᠵᠢᠷᠭᠤᠭᠠᠨ ᠵᠢᠯ ᠳᠠᠭᠤᠰᠴᠤ ᠲᠠᠪᠠ ᠪᠠᠷ ᠢ᠋ᠶ᠋ᠠᠨ ᠵᠢᠷᠭᠠᠨ ᠰᠠᠭᠤᠬᠤ ᠲᠠᠶ᠋ᠢᠪᠤᠩ ᠴᠠᠭ ᠢᠩᠭᠢᠵᠦ ᠢᠷᠡᠵᠡᠢ ᠃ ᠵᠢᠷᠠᠨ ᠬᠣᠨᠣᠭ ᠤ᠋ᠨ ᠵᠢᠷᠭᠠᠯ ᠪᠣᠯᠤᠭᠠᠳ ᠨᠠᠶᠠᠨ ᠬᠣᠨᠣᠭ ᠤ᠋ᠨ ᠨᠠᠶ᠋ᠢᠷ ᠳᠡᠯᠭᠡᠭᠡᠳ ᠠᠮᠤᠷ ᠰᠠᠢᠬᠠᠨ ᠳ᠋ᠤ᠌ ᠪᠠᠨ ᠠᠰᠢᠳᠠ ᠵᠢᠷᠭᠠᠪᠠ ᠭᠡᠨ᠎ᠡ

 

   ᠦᠰᠦᠭ ᠠᠮᠢᠯᠠᠭᠤᠯᠤᠭᠴᠢ ᠄ ᠰᠡᠷᠭᠦᠯᠡᠩ

   ᠦᠰᠦᠭ ᠬᠠᠲᠠᠭᠰᠠᠨ ᠨᠢ ᠄ ᠰᠡᠷᠭᠦᠯᠡᠩ

   ᠬᠢᠨᠠᠭᠴᠢ ᠪᠠᠭᠰᠢ ᠄ ᠮᠦᠩᠭᠦᠨᠴᠡᠴᠡᠭ᠂ ᠤᠶᠠᠬᠠᠨ