ᠠᠮᠢᠳᠤᠷᠠᠯ ᠤᠨ ᠠᠰᠠᠷᠠᠭᠴᠢ - ᠯᠢᠭᠳᠡᠨ Амьдралын асрагч - Лигдэн
ᠠᠮᠢᠳᠤᠷᠠᠯ ᠤᠨ ᠠᠰᠠᠷᠠᠭᠴᠢ
ᠮᠣᠩᠭᠣᠯ ᠬᠡᠦᠬᠡᠨ ᠪᠣᠯ ᠲᠡᠭᠦᠨ ᠦ᠌ ᠨᠢᠭᠡ ᠠᠰᠠᠷᠠᠭᠴᠢ ᠶᠤᠮ ᠃
ᠢᠨᠢᠶᠡᠪᠡᠯ ᠴᠡᠴᠡᠭ ᠃
ᠬᠥᠭᠵᠢᠪᠡᠯ ᠭᠠᠯ ᠃
ᠬᠥᠳᠡᠯᠪᠡᠯ ᠤᠰᠤ ᠃
ᠭᠠᠷᠪᠠᠯ ᠲᠠᠯ᠎ᠠ ᠶ᠋ᠢᠨ ᠴᠢᠮᠡᠭ ᠃
ᠣᠷᠣᠪᠠᠯ ᠭᠡᠷ ᠦ᠋ᠨ ᠴᠢᠮᠡᠭ ᠃
ᠦᠵᠡᠪᠡᠯ ᠨᠢᠳᠦᠨ ᠦ᠌ ᠴᠢᠮᠡᠭ
ᠰᠣᠨᠣᠰᠪᠠᠯ ᠴᠢᠬᠢᠨ ᠦ᠌ ᠴᠢᠮᠡᠭ ᠃
ᠪᠣᠳᠣᠪᠠᠯ ᠰᠡᠳᠬᠢᠯ ᠦ᠋ᠨ ᠴᠢᠮᠡᠭ ᠃
ᠰᠠᠢᠬᠠᠨ ᠵᠢᠰᠦ ᠨᠢ ᠢᠨᠢᠶᠡᠯ ᠢ᠋ᠶ᠋ᠡᠷ ᠴᠠᠯᠭᠢᠯᠠᠨ ᠂ ᠰᠠᠢᠬᠠᠨ ᠰᠠᠨᠠᠭ᠎ᠠ ᠨᠢ ᠰᠦ ᠪᠡᠷ ᠴᠠᠯᠭᠢᠯᠠᠨ ᠂ ᠰᠢᠢᠳᠪᠦᠷᠢ ᠵᠣᠷᠢᠭ ᠨᠢ ᠢᠲᠡᠭᠡᠯ ᠢ᠋ᠶ᠋ᠡᠷ ᠴᠠᠯᠭᠢᠯᠠᠨ᠎ᠠ ᠃
ᠦᠨᠡᠨᠴᠢ ᠰᠢᠳᠤᠷᠭᠤ ᠠᠷᠢᠭᠤᠨ ᠴᠠᠭᠠᠨ ᠥᠳᠥ ᠰᠥᠳᠥ᠃ ᠰᠠᠢᠨ ᠰᠠᠢᠬᠠᠨ ᠢ᠋ᠶ᠋ᠠᠷ ᠤᠭᠠᠯᠵᠠᠯᠠᠨ ᠮᠠᠲᠠᠷᠠᠭᠰᠠᠨ ᠳᠠᠪᠠᠯᠭᠠᠨᠲᠤ ᠠᠮᠢᠳᠤᠷᠠᠯ ᠤ᠋ᠨ ᠳᠤᠮᠳᠠᠭᠤᠷ ᠳᠡᠯᠭᠡᠨ ᠬᠠᠯᠢᠨ ᠨᠢᠰᠦᠨ᠎ᠡ ᠃ ᠵᠣᠯ ᠵᠢᠷᠭᠠᠯ ᠤ᠋ᠨ ᠪᠣᠯᠣᠷ ᠵᠡᠷᠭᠡᠯᠭᠡᠨ ᠬᠣᠷᠭᠣᠢ ᠰᠣᠯᠣᠩᠭ᠎ᠠ ᠶ᠋ᠢᠨ ᠳᠤᠮᠳᠠᠭᠤᠷ ᠬᠥᠪᠦᠯᠵᠡᠨ ᠤᠷᠤᠰᠤᠨ᠎ᠠ ᠃
ᠤᠷᠢ ᠵᠥᠭᠡᠯᠡᠨ ᠡᠷᠬᠢᠮ ᠨᠠᠨᠳᠢᠨ ᠡᠷᠡᠮᠡᠯᠵᠡᠯᠡᠯ ᠢ᠋ᠶ᠋ᠡᠷ ᠢ᠋ᠶ᠋ᠡᠨ ᠡᠬᠡ ᠨᠤᠲᠤᠭ ᠢ᠋ᠶ᠋ᠠᠨ ᠡᠮᠵᠢᠶᠡᠷᠢᠯᠡᠨ ᠦᠵᠡᠭᠦᠯᠡᠩ ᠵᠢᠷᠤᠭ ᠬᠠᠳᠬᠤᠮᠠᠯᠯᠠᠨ᠎ᠠ᠃
ᠦᠬᠦᠭᠰᠡᠨ ᠳᠡᠯᠡᠬᠡᠢ ᠶ᠋ᠢ ᠴᠦ᠍ ᠦᠭᠡ ᠲᠡᠢ ᠪᠣᠯᠭᠠᠵᠤ᠂ ᠢᠴᠡᠭᠡᠯᠡᠭᠰᠡᠨ ᠵᠢᠷᠦᠬᠡ ᠶ᠋ᠢ ᠴᠦ᠍ ᠢᠯᠴᠢ ᠲᠡᠢ ᠪᠣᠯᠭᠠᠵᠤ ᠂ ᠦᠵᠢᠷᠡᠭᠰᠡᠨ ᠮᠣᠳᠣ ᠶ᠋ᠢ ᠴᠦ᠍ ᠵᠢᠮᠢᠰ ᠲᠡᠢ ᠪᠣᠯᠭᠠᠳᠠᠭ ᠠᠪᠤᠷᠭᠤ ᠶᠡᠬᠡ ᠪᠠᠢᠭᠠᠯᠢ ᠨᠡᠢᠭᠡᠮ ᠦ᠋ᠨ ᠬᠦᠴᠦᠨ ᠲᠡᠳᠡᠨ ᠳ᠋ᠦ᠍ ᠪᠣᠢ ᠃ ᠰᠡᠳᠬᠢᠯ ᠦ᠋ᠨ ᠮᠥᠰᠥ ᠶ᠋ᠢ ᠬᠠᠢᠯᠤᠭᠤᠯᠳᠠᠭ ᠬᠠᠪᠤᠷ ᠤ᠋ᠨ ᠨᠠᠷᠠ ᠭᠡᠭᠴᠢ ᠮᠣᠩᠭᠣᠯ ᠬᠡᠦᠬᠡᠨ ᠦ᠌ ᠠᠷᠢᠭᠤᠨ ᠴᠠᠭᠠᠨ ᠰᠡᠳᠬᠢᠯ ᠪᠠᠢᠭ᠎ᠠ᠃
ᠴᠣᠯᠮᠣᠨ ᠲᠠᠢ ᠴᠣᠭ ᠪᠣᠰᠴᠤ᠂ ᠨᠠᠷᠠ ᠲᠠᠢ ᠵᠡᠷᠭᠡ ᠮᠠᠨᠳᠤᠵᠤ᠂ ᠰᠠᠷ᠎ᠠ ᠲᠠᠢ ᠬᠠᠮᠲᠤ ᠵᠢᠷᠭᠠᠳᠠᠭ᠃
ᠨᠣᠭᠣᠭᠠᠨ ᠤᠨᠢᠶᠠᠷ ᠤ᠋ᠨ ᠳᠤᠮᠳᠠ ᠨᠠᠢᠭᠤᠰᠬᠢᠨ ᠴᠠᠭᠠᠨ ᠮᠠᠨᠠᠨ ᠤ᠋ ᠳᠤᠮᠳᠠ ᠴᠡᠢᠯᠡᠰᠬᠢᠨ ᠲᠠᠯ᠎ᠠ ᠶ᠋ᠢᠨ ᠴᠡᠩᠬᠡᠷ ᠬᠡᠪᠢᠰ ᠦ᠋ᠨ ᠳᠡᠭᠡᠭᠦᠷ ᠥᠷᠯᠥᠭᠡ ᠪᠦᠷᠢ ᠶᠢᠷᠲᠢᠨᠴᠦ ᠶ᠋ᠢ ᠤᠶᠠᠩᠭ᠎ᠠ ᠪᠠᠷ ᠤᠷᠢᠨ ᠰᠦ ᠪᠡᠷ ᠮᠢᠯᠢᠶᠠᠵᠤ ᠠᠮᠢᠳᠤᠷᠠᠯ ᠢ᠋ ᠨᠠᠷᠠᠨ ᠤ᠋ ᠳᠣᠣᠷ᠎ᠠ ᠵᠣᠯ ᠵᠢᠷᠭᠠᠯ ᠢ᠋ᠶ᠋ᠠᠷ ᠳᠡᠯᠭᠡᠨ᠎ᠡ᠃
ᠠᠷᠢᠭᠤᠨ ᠴᠠᠭᠠᠨ ᠮᠥᠷᠥᠭᠡᠳᠦᠯ ᠢ᠋ᠶ᠋ᠡᠷ ᠢ᠋ᠶ᠋ᠡᠨ ᠠᠮᠢᠳᠤᠷᠠᠯ ᠳ᠋ᠤ᠌ ᠣᠢᠷᠠᠲᠤᠨ ᠶᠠᠪᠤᠨ᠎ᠠ᠂ ᠣᠬᠣᠷ ᠭᠡᠵᠢᠭᠡ ᠨᠢ ᠰᠠᠵᠢᠯᠠᠰᠬᠢᠨ ᠤᠷᠲᠤ ᠲᠡᠷᠯᠢᠭ ᠨᠢ ᠨᠠᠮᠢᠷᠠᠰᠬᠢᠨ᠂ ᠨᠠᠷᠠ ᠬᠤᠷ᠎ᠠ ᠬᠥᠳᠡᠯᠮᠦᠷᠢ ᠭᠤᠷᠪᠠ ᠠ᠋ᠴᠠ ᠥᠭᠭᠥᠭᠰᠡᠨ ᠰᠠᠢᠬᠠᠨ ᠮᠣᠩᠭᠣᠯ ᠥᠭᠡᠳᠡ ᠵᠢᠰᠦ ᠨᠢ ᠨᠠᠭᠠᠳᠤ ᠶᠢᠷᠲᠢᠨᠴᠦ ᠶ᠋ᠢ ᠮᠥᠩᠬᠡ ᠭᠡᠢᠭᠦᠯᠦᠨ᠎ᠡ᠃
ᠡᠨᠡ ᠦᠨᠳᠦᠰᠦ ᠡᠷᠡᠮᠡᠯᠵᠡᠯᠡᠯ ᠦ᠋ᠨ ᠴᠣᠮᠣᠷᠯᠢᠭ ᠃
1983 .12
