5-2-4ᠲᠣᠪᠲᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠰᠢᠷ᠎ᠠ ᠶ᠋ᠢᠨ ᠡᠪᠡᠳᠴᠢᠨ- ᠰᠢᠷ᠎ᠠ ᠶ᠋ᠢᠨ ᠡᠪᠡᠳᠴᠢᠨ᠂ ᠪᠠᠳᠬᠠᠨ ᠡᠪᠡᠳᠴᠢᠨ᠂ ᠬᠠᠯᠠᠭᠤᠨ ᠡᠪᠡᠳᠴᠢᠨ
ᠬᠣᠶᠠᠷ᠂ ᠰᠢᠷ᠎ᠠ ᠶ᠋ᠢᠨ ᠡᠪᠡᠳᠴᠢᠨ
ᠰᠢᠷ᠎ᠠ ᠶ᠋ᠢᠨ ᠡᠪᠡᠳᠴᠢᠨ ᠳ᠋ᠦ᠍ ᠂ ᠠᠷᠤᠷ᠎ᠠ ᠪᠠᠷᠠᠬᠱᠤᠢ᠍ᠨ᠂ ᠳ᠋ᠣᠮᠷᡁᠢ ( ᠪᠠᠭᠠᠪᠠᠭᠠᠢ ᠶ᠋ᠢᠨ ᠰᠥᠰᠥ )᠂ ᠰᠸᠷᠵᠢᠮᠸᠲᠤᠬ ᠊ᠢ ᠰᠢᠷᠭᠢᠭᠡᠭᠰᠡᠨ ᠳᠠᠩ ᠊ᠢ ᠬᠡᠳᠦᠨ ᠤᠳᠠᠭ᠎ᠠ ᠥᠭ᠃ ᠬᠤᠷᠢᠶᠠᠭᠳᠠᠭᠰᠠᠨ ᠤ᠋ ᠰᠢᠨᠵᠢ᠄ ᠨᠢᠳᠦ᠂ ᠰᠢᠭᠡᠰᠦ᠂ ᠴᠢᠷᠠᠢ ᠶ᠋ᠢᠨ ᠥᠩᠭᠡ ᠨᠢ ᠤᠷᠢᠳᠤᠬᠢ ᠠ᠋ᠴᠠ ᠪᠠᠨ ᠴᠠᠭᠠᠨ᠂ ᠢᠳᠡᠭᠡᠨ ᠤᠮᠳᠠᠭᠠᠨ ᠊ᠢ ᠬᠦᠰᠡᠵᠦ᠂ ᠳᠤᠷᠠᠰᠢᠯ ᠰᠠᠶ᠋ᠢᠵᠢᠷᠠᠪᠠᠰᠤ ᠠᠷᠢᠯᠭᠠᠬᠤ ᠶ᠋ᠢᠨ ᠴᠠᠭ ᠮᠥᠨ᠃ ᠲᠡᠷᠡ ᠴᠦ᠍ ᠡᠷᠲᠡᠳᠡᠵᠦ ᠦᠯᠦ ᠪᠣᠯᠤᠮᠤᠢ᠂ ᠶᠡᠷᠦ ᠯᠤᠭᠡ ᠵᠣᠬᠢᠴᠠᠭᠤᠯ᠃ ᠰᠠᠢᠨ ᠠᠷᠤ ᠰᠸᠷᠲᠤᠬ ( ᠠᠯᠲᠠᠨ ᠥᠩᠭᠡᠲᠦ ᠠᠷᠤᠷ᠎ᠠ ) ᠭᠤᠷᠪᠠᠨ ᠬᠡᠰᠡᠭ ᠦ᠋ᠨ ᠨᠢᠭᠡ ᠶ᠋ᠢ ᠨᠢ ᠦᠬᠡᠷ ᠦ᠋ᠨ ᠰᠢᠭᠡᠰᠦᠨ ᠳᠣᠲᠣᠷ᠎ᠠ ᠪᠣᠯᠭᠣᠭ᠎ᠠ᠂ ᠨᠢᠭᠡ ᠶ᠋ᠢ ᠨᠢ ᠤᠲᠤᠭ᠎ᠠ ᠠᠯᠳᠠᠯ ᠦᠭᠡᠢ ᠬᠦᠴᠦᠨ ᠲᠡᠭᠦᠯᠳᠡᠷ ᠲᠦᠯᠡᠬᠦ᠂ ᠨᠢᠭᠡ ᠶ᠋ᠢ ᠨᠢ ᠠᠷᠪᠠᠨ ᠲᠠᠪᠤᠨ ᠤ᠋ ᠰᠠᠷᠠᠨ ᠤ᠋ ᠭᠡᠷᠡᠯ ᠳ᠋ᠦ᠍ ᠳᠡᠯᠪᠢ ᠃ ᠪᠣᠯᠭᠣᠭᠰᠠᠨ᠂ ᠲᠦᠯᠡᠭᠰᠡᠨ᠂ ᠲᠦᠭᠦᠬᠡᠢ ᠭᠤᠷᠪᠠᠨ ᠠᠷᠤᠷ᠎ᠠ ᠶ᠋ᠢᠨ ᠳᠡᠭᠡᠷ᠎ᠡ ᠳ᠋ᠦ᠋ᠷᠵᠢᠳ᠂ ᠲᠠᠷᠨᠤ᠂ ᠷᡁᠤᠠᠪᠤ᠂ ᠨᠣᠮᠣᠬᠠᠳᠬᠠᠭᠰᠠᠨ ᠽᠠᠯᠠ᠂ ᠰᠸᠷᠵᠢᠮᠸᠲᠤᠬ ᠊ᠢ ᠵᠡᠷᠭᠡ ᠪᠡᠷ ᠬᠤᠪᠢ ᠶ᠋ᠢ ᠥᠷᠭᠡᠳᠬᠡᠨ ᠰᠠᠶ᠋ᠢᠲᠤᠷ ᠨᠤᠬᠤᠭᠰᠠᠨ ᠦᠷᠢᠯ ᠊ᠢ ᠬᠦᠢᠲᠡᠨ ᠤᠰᠤ ᠪᠠᠷ ᠳᠠᠷᠤᠭᠤᠯᠤᠨ ᠥᠭ᠃ ᠮᠢᠬ᠎ᠠ ᠰᠢᠷᠠᠯᠠᠬᠤ᠂ ᠨᠢᠳᠦ ᠰᠢᠷᠠᠯᠠᠬᠤ᠂ ᠴᠢᠶᠠᠨᠠᠬᠪᠤ ᠲᠡᠷᠢᠭᠦᠲᠡᠨ ᠰᠢᠷ᠎ᠠ ᠶ᠋ᠢᠨ ᠡᠪᠡᠳᠴᠢᠨ ᠪᠦᠬᠦᠨ ᠳ᠋ᠦ᠍ ᠲᠤᠭᠤᠯᠪᠤᠷᠢ ᠪᠣᠯᠭᠠᠨ ᠥᠭᠪᠡᠰᠦ ᠳᠠᠷᠤᠮᠤᠢ᠃
ᠭᠤᠷᠪᠠ᠂ ᠪᠠᠳᠬᠠᠨ ᠡᠪᠡᠳᠴᠢᠨ
ᠪᠠᠳᠬᠠᠨ ᠡᠪᠡᠳᠴᠢᠨ ᠳ᠋ᠦ᠍ ᠵᠣᠩᠰᠢ᠂ ᠰᠦᠭᠮᠸᠯ ᠂ ᠽᠠᠳᠢ ᠂ ᠭᠠᠭᠤᠯᠠ᠂ ᠵᠤᠭᠠᠩ ᠂ ᠪᠠᠯᠪᠤ ᠭᠦᠷᠭᠦᠮ᠂ ᠵᠠᠭ᠎ᠠ ᠂ ᠪᠢᠪᠢᠯᠢᠩ᠂ ᠫᠣᠸᠠᠷᠢ ᠂ ᠳ᠋ᠠᠯᠢ ᠂ ᠰᠢᠩᠼᠠ᠂ ᠭᠠᠨᠲᠢᠭ ᠂ ᠼᠠᠯᠠ ᠂ ᠯᠠᠫᠤᠩ ᠳᠡᠯ ( ᠯᠤᠤᠪᠠᠩ ᠤ᠋ᠨ ᠦᠨᠡᠰᠦ ) ᠦ᠋ᠳ ᠊ᠢ ᠬᠡᠮᠵᠢᠶ᠎ᠡ ᠲᠡᠭᠦᠯᠳᠡᠷ ᠨᠠᠶ᠋ᠢᠷᠠᠭᠤᠯᠤᠬᠰᠠᠨ ᠳ᠋ᠧᠵᠢᠳᠨᠢᠶᠥᠮᠳᠡᠨ ᠢ᠋ᠶ᠋ᠡᠷ ᠴᠠᠶ᠋ᠢᠪᠤᠷ᠂ ᠪᠣᠷᠣ ᠪᠠᠳᠬᠠᠨ ᠲᠡᠷᠢᠭᠦᠲᠡᠨ᠂ ᠪᠠᠳᠬᠠᠨ ᠤ᠋ ᠵᠦᠢᠯ᠂ ᠴᠢᠶᠠ᠂ ᠨᠢᠳᠦ ᠰᠢᠷᠠᠯᠠᠬᠤ ᠲᠡᠷᠢᠭᠦᠲᠡᠨ᠂ ᠰᠢᠷ᠎ᠠ ᠶ᠋ᠢᠨ ᠵᠦᠢᠯ᠂ ᠠᠶᠤᠤᠯᠢᠬᠠᠢ ᠬᠢᠭᠡᠳ ᠲᠡᠮᠦᠷ ᠬᠠᠭᠲᠤ ᠲᠡᠷᠢᠭᠦᠲᠡᠨ᠂ ᠡᠰᠡ ᠰᠢᠩᠭᠡᠬᠦ᠂ ᠪᠣᠷᠣ ᠨᠢᠭᠤᠭᠳᠠᠵᠤ ᠳᠦᠭᠦᠷᠬᠦ᠂ ᠬᠤᠶ᠋ᠢᠯᠠᠷᠠᠬᠤ ᠬᠢᠭᠡᠳ ᠬᠣᠣᠷ ᠤ᠋ᠨ ᠤᠷᠬᠠᠭ ᠪᠠ ᠰᠢᠷ᠎ᠠ ᠤᠰᠤ᠂ ᠠᠷᠠᠰᠤᠨ ᠡᠪᠡᠳᠴᠢᠨ ᠂ ᠮᠠᠭᠠᠵᠢᠭᠤᠷ᠂ ᠵᠣᠭᠢᠰᠬᠤ ᠲᠡᠷᠢᠭᠦᠲᠡᠨ ᠪᠦᠬᠦᠨ ᠳ᠋ᠦ᠍ ᠲᠤᠰᠠᠯᠠᠬᠤ ᠡᠮ ᠦ᠋ᠨ ᠡᠷᠬᠢᠮ ᠪᠣᠯᠠᠢ᠃ ᠪᠠᠰᠠ ᠪᠠᠳᠬᠠᠨ ᠰᠢᠷ᠎ᠠ᠂ ᠠᠶᠤᠤᠯᠢᠬᠠᠢ ᠶ᠋ᠢᠨ ᠪᠡᠲᠡᠭᠢ ᠲᠡᠷᠢᠭᠦᠲᠡᠨ ᠳ᠋ᠦ᠍ ᠵᠣᠩᠰᠢ ᠶ᠋ᠢᠨ ᠬᠠᠯᠠᠭᠤᠨ᠂ ᠬᠦᠢᠲᠡᠨ ᠲᠠᠭᠰᠢ ᠪᠠᠷ ᠨᠠᠶ᠋ᠢᠷᠠᠭᠤᠯᠬᠤ ᠶᠣᠰᠣ᠂ ᠲᠤᠰᠠᠯᠠᠬᠤ ᠠᠷᠭ᠎ᠠ ᠶ᠋ᠢ ᠣᠯᠠᠨ ᠨᠣᠮᠯᠠᠭᠰᠠᠨ ᠡᠮ ᠦ᠋ᠨ ᠭᠣᠣᠯ ᠰᠤᠳᠤᠷ ᠦ᠋ᠳ ᠡᠴᠡ ᠨᠠᠷᠢᠨ ᠨᠢᠭᠲᠠ ᠮᠡᠳᠡᠵᠦ ᠠᠪᠬᠤ ᠬᠡᠷᠡᠭᠲᠡᠢ ᠪᠣᠯᠠᠢ᠃
ᠳᠥᠷᠪᠡ᠂ ᠬᠠᠯᠠᠭᠤᠨ ᠡᠪᠡᠳᠴᠢᠨ
ᠬᠠᠯᠠᠭᠤᠨ ᠡᠪᠡᠳᠴᠢᠨ ᠪᠣᠯᠤᠭᠠᠳ ᠲᠠᠪᠤ ᠬᠣᠨᠣᠭ ᠪᠤᠶᠤ ᠨᠠᠭᠠᠰᠢ ᠪᠠᠨ ᠭᠤᠷᠪᠠ ᠬᠣᠨᠣᠭ ᠤ᠋ᠨ ᠳᠣᠲᠣᠷ᠎ᠠ ᠡᠰᠡ ᠪᠣᠯᠪᠠᠰᠤᠷᠠᠭᠰᠠᠨ ᠬᠠᠯᠠᠭᠤᠨ ᠪᠥᠭᠡᠳ ᠲᠡᠷᠡ ᠦᠶᠡᠰ ᠲᠦ᠍ ᠲᠠᠭᠠᠷᠠᠬᠤ ᠂ ᠨᠤᠷᠠᠬᠤ᠂ ᠰᠡᠷᠢᠭᠦᠴᠡᠬᠦ᠂ ᠠᠶ᠋ᠢᠷᠠᠬ ᠲᠠᠷᠠᠭ ᠂ ᠬᠦᠢᠲᠡᠨ ᠤᠰᠤ᠂ ᠲᠦᠭᠦᠬᠡᠢ ᠢᠳᠡᠭᠡᠨ ᠂ ᠰᠢᠩᠭᠡᠬᠦ ᠳ᠋ᠦ᠍ ᠪᠡᠷᠬᠡ ᠢᠳᠡᠭᠡᠨ ᠤᠮᠳᠠᠭᠠᠨ ᠪᠣᠯ ᠪᠠᠳᠬᠠᠨ ᠬᠡᠢ ᠳ᠋ᠦ᠍ ᠨᠥᠬᠥᠷ ᠪᠣᠯᠵᠤ ᠬᠣᠣᠷᠯᠠᠬᠤ ᠲᠤᠯᠠ ᠲᠡᠪᠴᠢᠨ ᠦᠢᠯᠡᠳ᠃ ᠰᠡᠷᠢᠭᠦᠨ ᠳᠠᠩ ᠂ ᠲᠠᠯᠬ᠎ᠠ ᠂ ᠲᠤᠭᠤᠯᠭ᠎ᠠ ᠂ ᠬᠥᠯᠥᠷᠡᠭᠦᠯᠬᠦ ᠲᠡᠷᠢᠭᠦᠲᠡᠨ ᠊ᠢ ᠡᠨᠡ ᠦᠶ᠎ᠡ ᠳ᠋ᠦ᠍ ᠪᠢᠲᠡᠭᠡᠢ ᠰᠢᠲᠦᠭᠦᠯ᠃ ᠬᠠᠯᠠᠭᠤᠨ ᠨᠢ ᠵᠠᠮ ᠠ᠋ᠴᠠ ᠪᠤᠴᠠᠬᠤ ᠪᠣᠯᠠᠢ᠃ ᠲᠡᠶ᠋ᠢᠮᠦ ᠡᠴᠡ ᠪᠣᠯᠪᠠᠰᠤᠷᠠᠬᠤ ᠶ᠋ᠢᠨ ᠴᠠᠭ ᠪᠠᠶ᠋ᠢᠬᠤ ᠲᠤᠯᠠ ᠭᠣᠣᠯ ᠣᠨᠢᠰᠣᠨ ᠳ᠋ᠤᠷ ᠵᠣᠬᠢᠴᠠᠭᠤᠯᠤᠨ ᠪᠣᠯᠪᠠᠰᠤᠷᠠᠭᠤᠯᠬᠤ ᠶ᠋ᠢ ᠰᠢᠲᠦᠬᠦ ᠢᠨᠤ ᠡᠷᠬᠢᠮ᠃ ᠳ᠋ᠢᠭᠳᠡ ᠂ ᠯᠢᠳᠡᠷᠢ ᠂ ᠰᠸᠷᠵᠢᠮᠸᠲᠤᠬ ᠭᠤᠷᠪᠠ ᠶ᠋ᠢᠨ ᠳᠠᠩ ᠢ᠋ᠶ᠋ᠠᠷ ᠰᠢᠷ᠎ᠠ ᠶ᠋ᠢᠨ ᠬᠠᠯᠠᠭᠤᠨ ᠊ᠢ ᠪᠣᠯᠪᠠᠰᠤᠷᠠᠭᠤᠯᠬᠤ ᠪᠥᠭᠡᠳ ᠭᠤᠷᠪᠠᠨ ᠦᠷ᠎ᠡ ᠶ᠋ᠢᠨ ᠳᠠᠩ ᠢ᠋ᠶ᠋ᠠᠷ ᠴᠢᠰᠤᠨ ᠬᠠᠯᠠᠭᠤᠨ ᠊ᠢ ᠪᠣᠯᠪᠠᠰᠤᠷᠠᠭᠤᠯᠤᠮᠤᠢ᠃ ᠪᠠᠩᠽᠢ ᠶ᠋ᠢᠨ ᠦᠨᠳᠦᠰᠦ᠂ ᠨᠠᠪᠴᠢ ᠲᠠᠢ᠂ ᠭᠠᠨᠳᠠᠭᠠᠷᠢ ᠬᠣᠶᠠᠷ ᠊ᠢ ᠬᠤᠪᠢ ᠲᠠᠭᠰᠢ ᠪᠤᠴᠠᠯᠭᠠᠭᠰᠠᠨ ᠪᠦᠯᠢᠶᠡᠨ ᠳᠠᠩ ᠢ᠋ᠶ᠋ᠠᠷ ᠡᠰᠡ ᠪᠣᠯᠪᠠᠰᠤᠷᠠᠭᠰᠠᠨ ᠬᠠᠯᠠᠭᠤᠨ ᠠᠯᠢᠨ ᠳ᠋ᠤ᠌ ᠥᠭᠪᠡᠰᠦ ᠷᠠᠰᠢᠶᠠᠨ ᠯᠤᠭ᠎ᠠ ᠰᠠᠴᠠᠭᠤ᠃ ᠪᠣᠯᠪᠠᠰᠤᠷᠠᠬᠤᠶᠠ ᠪᠡᠷᠬᠡ ᠪᠣᠯᠪᠠᠰᠤ ᠰᠠᠷᠢᠮᠰᠠᠭ ᠤ᠋ᠨ ᠦᠨᠡᠰᠦ᠂ ᠭᠤᠷᠪᠠᠨ ᠰᠠᠢᠨ᠂ ᠯᠢᠳᠡᠷᠢ ᠂ ᠪᠦᠱᠸᠯᠽᠢ᠂ ᠳ᠋ᠠᠯᠢ᠂ ᠴᠤᠯᠢᠭᠢᠷ ᠤ᠋ᠨ ᠲᠠᠯᠬ᠎ᠠ ᠶ᠋ᠢ ᠶᠠᠰᠤᠨ ᠱᠥᠯᠥ ᠪᠡᠷ ᠳᠠᠷᠤᠭᠤᠯᠵᠤ ᠥᠭ᠃ ᠯᠢᠳᠡᠷᠢ ᠂ ᠰᠣᠷᠣᠯᠣ ᠂ ᠭᠤᠨᠢᠶᠣᠳ᠂ ᠴᠠᠭᠠᠨ ᠪᠤᠷᠠᠮ ᠲᠠᠢ ᠰᠢᠷᠭᠢᠭᠡᠭᠰᠡᠨ ᠪᠦᠯᠢᠶᠡᠨ ᠳᠠᠩ ᠢ᠋ᠶ᠋ᠠᠷ ᠬᠡᠢ ᠬᠢᠵᠢᠭ ᠊ᠢ ᠪᠣᠯᠪᠠᠰᠤᠷᠠᠭᠤᠯᠤᠨ ᠦᠢᠯᠡᠳᠦᠮᠦᠢ᠃ ᠳ᠋ᠢᠭᠳᠡ ᠂ ᠬᠤᠩᠯᠸᠨ ᠂ ᠯᠢᠳᠡᠷᠢ᠂ ᠪᠣᠩᠭᠠᠷ ᠂ ᠬᠥᠬᠥᠯ ᠢ᠋ᠶ᠋ᠡᠷ ᠬᠠᠯᠠᠭᠤᠨ ᠡᠪᠡᠳᠴᠢᠨ ᠨᠤᠭᠦᠳ ᠊ᠢ ᠪᠣᠯᠪᠠᠰᠤᠷᠠᠭᠤᠯᠬᠤ ᠪᠥᠭᠡᠳ ᠳᠠᠷᠤᠨ᠎ᠠ᠃ ᠭᠤᠷᠪᠠᠨ ᠦᠷ᠎ᠡ ᠬᠢᠭᠡᠳ ᠮᠠᠨᠤ᠂ ᠪᠠᠱᠠᠭ᠎ᠠ ᠶ᠋ᠢᠨ ᠳᠠᠩ ᠢ᠋ᠶ᠋ᠠᠷ ᠭᠡᠮᠲᠦᠭᠰᠡᠨ ᠬᠢᠮᠤᠷᠠᠭᠰᠠᠨ ᠊ᠢ ᠪᠣᠯᠪᠠᠰᠤᠷᠠᠭᠤᠯᠤᠨ᠂ ᠲᠤᠩᠭᠠᠯᠠᠭ ᠴᠥᠪ ᠊ᠢ ᠢᠯᠭᠠᠮᠤᠢ᠃ ᠪᠣᠯᠪᠠᠰᠤᠷᠠᠬᠤ ᠶ᠋ᠢᠨ ᠴᠢᠯᠥᠭᠡ ᠦᠭᠡᠢ ᠪᠣᠯᠪᠠᠰᠤ ᠦᠷ ᠴᠠᠶ᠋ᠢᠬᠤ ᠪᠠ ᠪᠦᠷᠦᠢ ᠶ᠋ᠢᠨ ᠴᠠᠭ ᠲᠤ᠌ ᠪᠣᠯᠪᠠᠰᠤᠷᠠᠭᠤᠯᠬᠤ ᠳᠠᠩ ᠊ᠢ ᠥᠭᠴᠦ᠂ ᠡᠳᠦᠷ ᠰᠥᠨᠢ ᠶ᠋ᠢᠨ ᠭᠣᠣᠯ ᠳ᠋ᠤ᠌ ᠶᠡᠷᠦᠨᠳᠡᠭ ᠡᠮ ᠊ᠢ ᠥᠭᠴᠦ᠂ ᠲᠦᠷᠭᠡᠨ ᠠᠨᠠᠭᠠᠨ ᠦᠢᠯᠡᠳ᠃ ᠠᠯᠢᠨ ᠳ᠋ᠤ᠌ ᠠᠯᠢ ᠨᠢ ᠵᠣᠬᠢᠰ ᠲᠠᠢ ᠶ᠋ᠢ ᠤᠬᠠᠭᠠᠨ ᠢ᠋ᠶ᠋ᠠᠷ ᠵᠢᠱ᠌ᠢᠵᠦ ᠵᠠᠰᠠᠭᠲᠤᠨ᠃
ᠬᠠᠯᠠᠭᠤᠨ ᠬᠤᠷᠢᠶᠠᠭᠳᠠᠵᠤ ᠪᠣᠯᠪᠠᠰᠤᠷᠠᠭᠰᠠᠨ ᠰᠢᠨᠵᠢ ᠨᠢ᠄ ᠡᠪᠡᠳᠴᠢᠲᠡᠨ ᠦ᠌ ᠬᠡᠯᠡᠨ ᠳᠡᠭᠡᠷ᠎ᠡ ᠪᠠᠳᠬᠠᠨ ᠪᠣᠯᠪᠠᠰᠤ ᠴᠠᠶ᠋ᠢᠪᠤᠷ ᠰᠢᠷ᠎ᠠ ᠵᠤᠵᠠᠭᠠᠨ ᠥᠩᠭᠥᠷ ᠲᠣᠭᠲᠠᠬᠤ᠂ ᠬᠡᠢ ᠪᠣᠯᠪᠠᠰᠤ ᠤᠷᠢᠳ ᠪᠠᠶ᠋ᠢᠬᠰᠠᠨ ᠤᠯᠠᠭᠠᠨ ᠲᠣᠯᠪᠣ ᠨᠢ ᠦᠯᠦ ᠦᠵᠡᠭᠲᠡᠬᠦ ᠪᠣᠯᠬᠤ᠂ ᠰᠢᠭᠡᠰᠦᠨ ᠥᠩᠭᠡ ᠨᠢ ᠤᠯᠠᠭᠠᠨ ᠰᠢᠷ᠎ᠠ᠂ ᠤᠷᠢᠳ ᠠ᠋ᠴᠠ ᠥᠴᠦᠬᠡᠨ ᠲᠤᠩᠭᠠᠯᠠᠭ᠂ ᠰᠢᠭᠡᠰᠦᠨ ᠳᠣᠲᠣᠷᠠᠬᠢ ᠢᠵᠠᠮᠠᠭ ᠨᠢ ᠴᠤᠭᠯᠠᠷᠠᠵᠤ᠂ ᠰᠡᠷᠢᠭᠦᠨ ᠢᠳᠡᠭᠡᠨ ᠤᠮᠳᠠᠭᠠᠨ ᠊ᠢ ᠬᠦᠰᠡᠵᠦ ᠪᠡᠶ᠎ᠡ ᠡᠴᠡ ᠬᠥᠯᠥᠰᠥᠨ ᠦᠨᠦᠷ ᠭᠠᠷᠬᠤ ᠪᠠ ᠨᠢᠳᠦ ᠵᠡᠷᠭᠡ ᠲᠠᠪᠤᠨ ᠡᠷᠬᠡᠲᠡᠨ ᠨᠢ ᠤᠷᠢᠳ ᠠ᠋ᠴᠠ ᠳᠥᠯᠭᠡᠨ ᠪᠣᠯᠬᠤ ᠪᠥᠭᠡᠳ ᠢᠯᠠᠩᠭᠤᠶ᠎ᠠ ᠳᠠᠭᠠᠷᠠᠳᠠᠰᠤ ᠬᠦᠷᠬᠦ ᠨᠢ ᠵᠣᠭᠰᠣᠪᠠᠰᠤ ᠪᠣᠯᠪᠠᠰᠤᠷᠠᠭᠰᠠᠨ ᠰᠢᠨᠵᠢ᠂ ᠮᠥᠨ ᠠᠨᠠᠭᠠᠬᠤ ᠶ᠋ᠢᠨ ᠴᠠᠭ ᠲᠤᠯᠠ ᠶᠡᠷᠦᠨᠳᠡᠭ ᠊ᠢ ᠡᠷᠬᠢᠮᠯᠡᠨ᠎ᠡ᠃
ᠳ᠋ᠣᠩᠷᠢᠰᠢᠯᠪᠠ᠂ ᠷᠸᠭᠤᠨ᠂ ᠤᠨᠪᠤ᠂ ᠰᠣᠷᠣᠯᠣ ᠶ᠋ᠢ ᠨᠠᠶ᠋ᠢᠷᠠᠭᠤᠯᠤᠬᠰᠠᠨ ᠳ᠋ᠠᠷᠵᠠᠢ ( ᠳᠠᠷᠴᠤᠭ ᠤ᠋ᠨ ᠬᠡᠯᠡ ) —4 ᠳᠠᠩ ᠢ᠋ᠶ᠋ᠠᠷ ᠬᠠᠯᠠᠭᠤᠨ ᠡᠪᠡᠳᠴᠢᠨ ᠦ᠌ ᠵᠦᠢᠯ ᠊ᠢ ᠬᠣᠴᠤᠷᠠᠯ ᠦᠭᠡᠢ ᠠᠷᠢᠯᠭᠠᠮᠤᠢ᠃ ᠠᠮᠢᠨ ᠰᠤᠳᠠᠯ ᠳ᠋ᠤ᠌ ᠠᠯᠳᠠᠭᠳᠠᠪᠠᠰᠤ᠂ ᠬᠠᠷ᠎ᠠ ᠠᠭᠠᠷᠤ᠂ ᠷᠦᠳᠠ ᠂ ᠬᠥᠬᠥᠯ ᠂ ᠰᠢᠬᠢᠷ ᠲᠡᠢ ᠨᠠᠶ᠋ᠢᠷᠠᠭᠤᠯᠵᠤ ᠰᠢᠲᠦᠭᠦᠯ᠃ ᠠᠭᠤᠰᠬᠢᠨ ᠳ᠋ᠤ᠌ ᠪᠠᠭᠤᠪᠠᠰᠤ ᠴᠠᠭᠠᠨ ᠰᠣᠷᠣᠯᠣ᠂ ᠭᠦᠨᠪᠦᠷᠦᠮ᠂ ᠰᠢᠩ ᠠᠷ᠂ ᠰᠢᠬᠢᠷ ᠲᠡᠢ ᠨᠠᠶ᠋ᠢᠷᠠᠭᠤᠯᠵᠤ ᠂ ᠵᠠᠽᠤᠢ ᠶ᠋ᠢᠨ ᠱᠥᠯᠥ ᠪᠡᠷ ᠳᠠᠷᠤᠭᠤᠯ᠃ ᠡᠯᠢᠭᠡᠨ ᠳ᠋ᠦ᠍ ᠵᠠᠬᠴᠸ ( ᠲᠡᠮᠦᠷ ᠦ᠋ᠨ ᠲᠠᠯᠬ᠎ᠠ )᠂ ᠠᠷᠤᠷ᠎ᠠ᠂ ᠪᠠᠱᠠᠭ᠎ᠠ᠂ ᠪᠠᠷᠠᠬᠱᠤᠢ᠍ᠨ ᠊ᠢ ᠨᠠᠶ᠋ᠢᠷᠠᠭᠤᠯᠵᠤ ᠥᠭ᠃ ᠬᠣᠳᠣᠭᠣᠳᠣᠨ ᠳ᠋ᠤ᠌ ᠰᠸᠪᠤᠢ᠍ᠷᠦ᠂ ᠮᠠᠨᠤ᠂ ᠪᠢᠪᠢᠯᠢᠩ ᠊ᠢ ᠰᠢᠬᠢᠷ ᠲᠡᠢ ᠨᠠᠶ᠋ᠢᠷᠠᠭᠤᠯᠵᠤ ᠰᠢᠲᠦᠭᠦᠯ᠃ ᠳᠡᠯᠢᠭᠦᠨ ᠳ᠋ᠦ᠍ ᠪᠠᠭᠤᠪᠠᠰᠤ ᠰᠸᠷᠵᠢᠮᠸᠲᠤᠬ᠂ ᠲᠠᠯᠼᠠ ᠂ ᠭᠠᠭᠤᠯᠠ᠂ ᠭᠡᠳᠡᠰᠦ ᠣᠯᠣᠭᠠᠢ ᠳ᠋ᠤ᠌ ᠺᠠᠷᠤᠼᠤᠸᠡ᠂ ᠨᠢᠶᠠᠯᠤ᠂ ᠽᠣᠳ᠂ ᠪᠥᠭᠡᠷᠡᠨ ᠳ᠋ᠦ᠍ ᠵᠢᠭᠠᠷ᠂ ᠰᠦᠭᠮᠸᠯ᠂ ᠳ᠋ᠦ᠋ᠮᠪᠤᠷᠸᠷᠠᠯ ᠊ᠢ ᠰᠢᠬᠢᠷ ᠲᠡᠢ ᠨᠠᠶ᠋ᠢᠷᠠᠭᠤᠯ᠃ ᠪᠦᠬᠦᠨ ᠳ᠋ᠦ᠍ ᠵᠣᠩᠰᠢ᠂ ᠪᠠᠷᠠᠬᠱᠤᠢ᠍ᠨ ᠬᠣᠶᠠᠷ ᠊ᠢ ᠨᠡᠮᠡᠵᠦ ᠥᠭᠪᠡᠰᠦ ᠤᠪᠠᠳᠢᠰ ᠤ᠋ᠨ ᠣᠨᠢᠰᠣ ᠮᠥᠨ ᠃
( ᠨᠢᠭᠡ ) ᠬᠡᠰᠡᠭ ᠪᠤᠰᠠᠭ ᠳᠠᠪᠬᠤᠴᠠᠭᠰᠠᠨ ᠡᠪᠡᠳᠴᠢᠨ ᠊ᠢ ᠵᠠᠰᠠᠬᠤ ᠠᠷᠭ᠎ᠠ
ᠬᠠᠯᠠᠭᠤᠨ ᠢ᠋ᠶ᠋ᠠᠷ ᠰᠣᠯᠢᠶᠠᠷᠠᠪᠠᠰᠤ᠄ ᠭᠠᠪᠤᠷ᠂ ᠵᠤᠭᠠᠩ ᠬᠣᠶᠠᠷ ᠊ᠢ ᠣᠬᠣᠷ ᠰᠡᠭᠦᠯ ᠲᠠᠪᠤ ᠳᠣᠯᠣᠭ᠎ᠠ ᠶ᠋ᠢ ᠠᠷᠢᠬᠢᠨ ᠳ᠋ᠤ᠌ ᠰᠢᠷᠭᠢᠭᠡᠭᠰᠡᠨ ᠱᠥᠯᠦᠨ ᠳ᠋ᠦ᠍ ᠲᠠᠯᠪᠢᠵᠤ ᠥᠭ᠃ ᠬᠤᠪᠴᠠᠰᠤ ᠪᠠᠷ ᠬᠤᠴᠢᠵᠤ ᠬᠥᠯᠥᠰᠥ ᠶ᠋ᠢ ᠨᠢ ᠳᠠᠬᠢᠨ ᠳᠠᠪᠲᠠᠨ ᠭᠠᠷᠭ᠎ᠠ᠃
ᠬᠦᠢᠲᠡᠨ ᠢ᠋ᠶ᠋ᠡᠷ ᠰᠣᠯᠢᠶᠠᠷᠠᠪᠠᠰᠤ᠄ ᠽᠠᠳᠢ᠂ ᠰᠢᠩᠭᠦᠨ᠂ ᠪᠢᠬᠪᠠᠨ ᠭᠤᠷᠪᠠ ᠶ᠋ᠢ ᠳᠥᠷᠪᠡᠨ ᠰᠢᠮ᠎ᠡ ᠶ᠋ᠢᠨ ᠳᠠᠩ ᠊ᠢ ᠠᠯᠢ ᠪᠣᠯᠬᠤ ᠪᠠᠷ ᠳᠠᠷᠤᠭᠤᠯᠤᠨ ᠥᠭ᠃
ᠬᠠᠯᠠᠭᠤᠨ ᠢ᠋ᠶ᠋ᠠᠷ ᠬᠡᠯᠡᠭᠡᠶ᠋ᠢᠷᠡᠪᠡᠰᠦ᠄ ᠭᠠᠪᠤᠷ᠂ ᠵᠤᠭᠠᠩ᠂ ᠽᠠᠨᠳᠠᠨ ᠤ᠋ ᠨᠠᠶ᠋ᠢᠷᠠᠯᠭ᠎ᠠ ᠪᠠᠷ ᠬᠥᠯᠥᠰᠥ ᠭᠠᠷᠭᠠᠨ ᠤᠰᠤᠨ ᠲᠠᠰᠢᠭᠤᠷ ᠊ᠢ ᠦᠢᠯᠡᠳ᠃
ᠬᠦᠢᠲᠡᠨ ᠢ᠋ᠶ᠋ᠡᠷ ᠬᠡᠯᠡᠭᠡᠶ᠋ᠢᠷᠡᠪᠡᠰᠦ᠄ ᠳᠥᠷᠪᠡᠨ ᠭᠠᠷᠭᠠᠯᠲᠠ ᠶ᠋ᠢᠨ ᠠᠯᠢ ᠪᠣᠯᠬᠤ ᠶ᠋ᠢ ᠰᠢᠲᠦᠭᠦᠯ᠃
ᠬᠠᠯᠠᠭᠤᠨ ᠢ᠋ᠶ᠋ᠠᠷ ᠨᠤᠶ᠋ᠢᠷ ᠠᠯᠳᠠᠪᠠᠰᠤ᠄ ᠵᠢᠭᠠᠷ᠂ ᠰᠠᠷᠢᠮᠰᠠᠭ ᠤ᠋ᠨ ᠦᠨᠡᠰᠦ ᠬᠣᠶᠠᠷ ᠊ᠢ ᠰᠦᠨ ᠳ᠋ᠦ᠍ ᠪᠤᠴᠠᠯᠭᠠᠵᠤ ᠥᠭ᠃ ᠡᠰᠡᠬᠦᠯ᠎ᠡ ᠵᠢᠭᠠᠷ ᠊ᠢ ᠲᠣᠰᠣᠨ ᠳ᠋ᠤ᠌ ᠵᠢᠭᠤᠷᠠᠵᠤ ᠰᠥᠷᠴᠢ ᠃
ᠬᠡᠢ ᠪᠡᠷ ᠨᠣᠶ᠋ᠢᠷ ᠠᠯᠳᠠᠪᠠᠰᠤ᠄ ᠠᠷᠢᠬᠢ᠂ ᠮᠢᠬ᠎ᠠ᠂ ᠪᠤᠷᠠᠮ᠂ ᠰᠣᠩᠭᠢᠨ᠎ᠠ᠂ ᠰᠠᠷᠢᠮᠰᠠᠭ ᠊ᠢ ᠰᠢᠲᠦᠭᠦᠯ᠃
ᠨᠣᠶ᠋ᠢᠷ ᠬᠡᠲᠦᠷᠡᠪᠡᠰᠦ᠄ ᠪᠠᠯᠤ᠂ ᠳ᠋ᠤᠷᠢᠬ ( ᠬᠠᠳᠠᠨ ᠬᠠᠭ )᠂ ᠠᠷᠴᠠ ᠶ᠋ᠢᠨ ᠦᠷ᠎ᠡ ᠶ᠋ᠢᠨ ᠳᠠᠩ ᠊ᠢ ᠥᠭ᠃ ᠨᠢᠳᠦᠨ ᠳ᠋ᠦ᠍ ᠵᠢᠭᠠᠰᠤᠨ ᠨᠢᠳᠦ ᠶ᠋ᠢ ᠲᠦᠷᠬᠢ ᠃
ᠲᠣᠯᠣᠭᠠᠢ ᠳᠦᠢᠷᠡᠪᠡᠰᠦ᠄ ᠲᠣᠯᠣᠭᠠᠢ ᠶ᠋ᠢᠨ ᠰᠢᠵᠠ ᠶ᠋ᠢᠨ ᠨᠠᠶ᠋ᠢᠷᠠᠯᠭ᠎ᠠ ᠳ᠋ᠤ᠌ ᠰᠢᠩᠭᠦᠨ᠂ ᠭᠠᠵᠠ ᠬᠣᠶᠠᠷ ᠊ᠢ ᠲᠠᠯᠪᠢᠵᠤ ᠥᠭ᠃
ᠨᠢᠳᠦ ᠤᠯᠠᠩᠭᠢᠷᠲᠤᠪᠠᠰᠤ᠄ ᠭᠠᠪᠤᠷ᠂ ᠳ᠋ᠤᠮᠷᡁᠢ ( ᠥᠲᠡᠭᠡ ᠶ᠋ᠢᠨ ᠰᠥᠰᠥ )᠂ ᠵᠸᠷᠸᠡ ᠶ᠋ᠢᠨ ᠬᠠᠨᠳᠠ ᠶ᠋ᠢ ᠲᠦᠷᠬᠢ᠃
ᠬᠠᠮᠠᠷ ᠠ᠋ᠴᠠ ᠴᠢᠰᠤ ᠶᠡᠬᠡ ᠴᠤᠪᠤᠷᠠᠪᠠᠰᠤ᠄ ᠴᠠᠭᠠᠨ ᠣᠬᠢ ᠂ ᠵᠢᠷᠱᠦᠢ᠍ᠨ ( ᠰᠢᠷ᠎ᠠ ᠮᠣᠳᠣᠨ ᠳᠤᠷᠤᠰᠤ ) ᠬᠣᠶᠠᠷ ᠊ᠢ ᠰᠢᠷᠭᠢᠭᠡᠭᠰᠡᠨ ᠰᠦᠮᠦᠰᠦᠨ ᠳ᠋ᠦ᠍ ᠳ᠋ᠣᠷᠢᠬ᠂ ᠭᠦᠷᠭᠦᠮ᠂ ᠳ᠋ᠣᠮᠷᡁᠢ ᠶ᠋ᠢ ᠲᠠᠯᠪᠢᠵᠤ ᠥᠭ᠃
ᠠᠮᠠ ᠬᠡᠯᠡ ᠬᠠᠲᠠᠪᠠᠰᠤ᠄ ᠳ᠋ᠠᠷᠪᠤ᠂ ᠵᠠᠮᠪᠠ᠂ ᠴᠦᠷᠦᠭ᠋ ᠊ᠢ ᠰᠢᠬᠢᠷ᠂ ᠪᠠᠯ ᠲᠠᠢ ᠨᠠᠶ᠋ᠢᠷᠠᠭᠤᠯᠵᠤ ᠵᠠᠵᠢᠯᠤᠭᠤᠯᠤᠨᠠ᠃
ᠶᠡᠬᠡᠳᠡ ᠤᠮᠳᠠᠭᠠᠰᠪᠠᠰᠤ ᠄ ᠵᠠᠮᠪᠠ᠂ ᠦᠰᠦ᠋ ᠬᠣᠶᠠᠷ ᠠᠯᠢ ᠪᠣᠯᠬᠤ ᠶ᠋ᠢ ᠰᠢᠷᠭᠢᠭᠡᠭᠰᠡᠨ ᠰᠦᠮᠦᠰᠦᠨ ᠳ᠋ᠦ᠍ ᠰᠢᠬᠢᠷ ᠲᠠᠯᠪᠢᠵᠤ ᠥᠭ᠃
ᠳᠤᠷᠠᠰᠢᠯ ᠬᠠᠭᠠᠭᠳᠠᠪᠠᠰᠤ᠄ ᠳ᠋ᠢᠭᠳᠡ ᠂ ᠵᠦᠷᠦᠷ᠎ᠠ᠂ ᠵᠠᠮᠽᠠ ᠨᠤᠭᠤᠳ ᠤ᠋ᠨ ᠳᠠᠩ ᠊ᠢ ᠥᠭᠪᠡᠰᠦ ᠳᠤᠷᠠᠰᠢᠯ ᠨᠡᠭᠡᠭᠡᠭᠳᠡᠮᠦᠢ᠃ ᠬᠦᠢᠲᠡᠨ ᠪᠣᠯᠪᠠᠰᠤ ᠪᠠᠭ᠎ᠠ ᠵᠤᠭᠠᠩ᠂ ᠳ᠋ᠧᠵᠢᠳ ᠬᠢᠭᠡᠳ ᠰᠸᠪᠤᠢ᠍ᠷᠦ —4 ᠶ᠋ᠢ ᠠᠯᠢ ᠬᠦᠰᠡᠬᠦ ᠢᠳᠡᠭᠡᠨ ᠳ᠋ᠦ᠍ᠨᠢ ᠬᠣᠯᠢᠵᠤ ᠥᠭ᠃
ᠬᠠᠯᠠᠭᠤᠨ ᠢ᠋ᠶ᠋ᠠᠷ ᠵᠣᠭᠢᠰᠪᠠᠰᠤ᠄ ᠴᠠᠭᠠᠨ ᠽᠠᠨᠳᠠᠨ ᠊ᠢ ᠬᠥᠮᠦᠨ ᠦ᠌ ᠰᠦᠨ ᠳ᠋ᠦ᠍ ᠵᠢᠭᠤᠷᠠᠵᠤ ᠬᠠᠮᠠᠷ ᠲᠤᠨᠢ ᠲᠤᠰᠬᠠᠪᠠᠰᠤ ᠵᠣᠭᠰᠣᠬᠤ ᠪᠣᠯᠠᠢ᠃
ᠬᠦᠢᠲᠡᠨ ᠢ᠋ᠶ᠋ᠡᠷ ᠵᠣᠭᠢᠰᠪᠠᠰᠤ᠄ ᠵᠦᠢᠯ ᠪᠦᠷᠢ ᠶ᠋ᠢᠨ ᠳᠠᠪᠤᠰᠤ ᠶ᠋ᠢ ᠠᠷᠢᠬᠢᠨ ᠳ᠋ᠤ᠌ ᠵᠢᠭᠤᠷᠠᠵᠤ ᠥᠭ᠃
ᠴᠢᠰᠤᠨ ᠬᠠᠳᠬᠤᠯᠠᠭ᠎ᠠ ᠳ᠋ᠤ᠌᠄ ᠮᠠᠨᠤ᠂ ᠷᠦᠳᠠ ᠬᠣᠶᠠᠷ ᠊ᠢ ᠰᠠᠶ᠋ᠢᠲᠤᠷ ᠲᠠᠯᠬᠠᠳᠠᠵᠤ ᠰᠢᠬᠢᠷ ᠲᠡᠢ ᠨᠠᠶ᠋ᠢᠷᠠᠭᠤᠯᠵᠤ ᠪᠤᠴᠠᠯᠤᠭᠰᠠᠨ ᠤᠰᠤ ᠪᠠᠷ ᠳᠠᠷᠤᠭᠤᠯ᠃
ᠨᠢᠶᠠᠨ ᠢ᠋ᠶ᠋ᠠᠷ ᠬᠠᠳᠬᠤᠯᠠᠬᠤ ᠳ᠋ᠤ᠌ ᠄ ᠬᠠᠷ᠎ᠠ ᠬᠥᠬᠥᠯ ᠭᠠᠭᠴᠠᠭᠠᠷ ᠊ᠢ ᠤᠤᠭᠤᠯᠭ᠎ᠠ᠃
ᠬᠡᠢ ᠬᠠᠳᠬᠤᠯᠠᠭ᠎ᠠ ᠳ᠋ᠤ᠌ ᠄ ᠽᠠᠳᠢ ᠂ ᠰᠦᠭᠮᠸᠯ ᠂ ᠪᠢᠪᠢᠯᠢᠩ᠂ ᠪᠦᠱᠸᠯᠽᠢ ᠂ ᠰᠢᠩᠼᠠ᠂ ᠯᠢᠳᠡᠷᠢ ᠨᠤᠭᠦᠳ ᠊ᠢ ᠰᠢᠬᠢᠷ ᠲᠡᠢ ᠨᠠᠶ᠋ᠢᠷᠠᠭᠤᠯᠵᠤ᠂ ᠪᠣᠷᠪᠢ᠂ ᠳᠣᠢᠭ ᠤ᠋ᠨ ᠳᠠᠩ ᠢ᠋ᠶ᠋ᠠᠷ ᠳᠠᠷᠤᠭᠤᠯ᠃
ᠰᠸᠼᠤᠸᠠ᠂ ᠳ᠋ᠢᠭᠰᠸᠷᠢᠨ ᠂ ᠰᠸᠮ᠎ᠠ ( ᠵᠠᠩᠭᠤᠤ ) ᠭᠤᠷᠪᠠ ᠶ᠋ᠢ ᠠᠷᠢᠬᠢᠨ ᠳ᠋ᠤ᠌ ᠨᠠᠶ᠋ᠢᠷᠠᠭᠤᠯᠵᠤ ᠥᠭᠪᠡᠰᠦ ᠰᠢᠭᠡᠰᠦ ᠬᠠᠭᠠᠭᠳᠠᠬᠤ ᠡᠪᠡᠳᠴᠢᠨ ᠪᠦᠬᠦᠨ ᠬᠢᠭᠡᠳ ᠢᠯᠠᠩᠭᠤᠶ᠎ᠠ ᠬᠢᠵᠢᠭ ᠬᠠᠯᠠᠭᠤᠨ ᠢ᠋ᠶ᠋ᠠᠷ ᠰᠢᠭᠡᠰᠦ ᠬᠠᠭᠠᠭᠳᠠᠬᠤ ᠶ᠋ᠢ ᠠᠷᠢᠯᠭᠠᠨ᠎ᠠ᠃
ᠴᠢᠰᠤ ᠲᠠᠢ ᠰᠢᠭᠡᠪᠡᠰᠦ᠄ ᠪᠠᠷᠠᠬᠱᠦᠢ᠍ᠨ᠂ ᠭᠦᠷᠭᠦᠮ᠂ ᠳ᠋ᠣᠮᠷᡁᠢ ᠶ᠋ᠢ ᠨᠠᠶ᠋ᠢᠷᠠᠭᠤᠯᠵᠤ ᠥᠭᠭᠦᠭᠡᠳ ᠵᠢᠨᠱᠤᠩ ᠊ᠢ ᠨᠢ ᠬᠠᠭᠠᠲᠤᠭᠠᠢ᠃
ᠪᠠᠭᠠᠰᠤ ᠬᠠᠭᠠᠭᠳᠠᠪᠠᠰᠤ ᠄ ᠯᠤᠤᠪᠠᠩ ᠤ᠋ᠨ ᠦᠨᠡᠰᠦ ᠪᠤᠶᠤ ᠥᠭᠴᠦᠢ ᠶ᠋ᠢᠨ ᠦᠷ᠎ᠡ᠂ ᠤᠷᠲᠤ ᠬᠣᠰᠢᠭᠤᠲᠤ ᠠᠷᠤᠷ᠎ᠠ ᠲᠡᠷᠢᠭᠦᠲᠡᠨ ᠊ᠢ ᠰᠦᠨ ᠳ᠋ᠦ᠍ ᠨᠠᠶ᠋ᠢᠷᠠᠭᠤᠯᠤᠬᠰᠠᠨ ᠨᠢᠷᠤᠬ᠎ᠠ ᠪᠠᠷ ᠤᠭᠲᠤᠭᠤᠯ᠃
ᠬᠥᠯᠥᠰᠥ ᠬᠡᠲᠦᠷᠡᠪᠡᠰᠦ᠄ ᠪᠠᠯᠤᠮᠸᠲᠤᠬ᠂ ᠯᠦᠭᠮᠢᠭ ᠦ᠋ᠨ ᠳᠠᠩ ᠊ᠢ ᠥᠭᠭᠦᠭᠰᠡᠨ ᠦ᠌ ᠳᠠᠷᠠᠭ᠎ᠠ ᠭᠠᠵᠠ ᠶ᠋ᠢ ᠠᠷᠢᠬᠢᠨ ᠳ᠋ᠤ᠌ ᠨᠠᠶ᠋ᠢᠷᠠᠭᠤᠯᠵᠤ ᠰᠦᠷᠴᠢᠬᠦ ᠪᠤᠶᠤ ᠬᠤᠩᠯᠸᠨ᠂ ᠤᠯᠠᠭᠠᠨ ᠽᠠᠨᠳᠠᠨ᠂ ᠪᠣᠩᠭᠠᠷ ᠦ᠋ᠳ ᠊ᠢ ᠰᠢᠨ᠎ᠡ ᠲᠣᠰᠣᠨ ᠳ᠋ᠤ᠌ ᠨᠠᠶ᠋ᠢᠷᠠᠭᠤᠯᠵᠤ ᠰᠦᠷᠴᠢᠪᠡᠰᠦ ᠵᠣᠭᠰᠣᠬᠤ ᠪᠣᠯᠠᠢ᠃
ᠪᠡᠶ᠎ᠡ ᠶ᠋ᠢᠨ ᠢᠯᠴᠢ ᠠᠯᠳᠠᠭᠳᠠᠪᠠᠰᠤ᠄ ᠤᠰᠤᠨ ᠲᠠᠰᠢᠭᠤᠷ ᠊ᠢ ᠦᠯᠡᠤᠠᠴᠦ᠂ ᠰᠸᠭᠤᠳ᠂ ᠵᠢᠷᠱᠦᠢ᠍ᠨ᠂ ᠰᠤᠮᠠᠷᠠᠨᠽᠠ ᠶ᠋ᠢ ᠰᠦᠷᠴᠢᠭᠲᠦᠨ᠃
ᠬᠠᠯᠠᠭᠤᠨ ᠤ᠋ ᠰᠡᠭᠦᠯ ᠬᠣᠴᠣᠷᠴᠤ᠂ ᠭᠠᠷ ᠬᠥᠯ ᠲᠠᠬᠢᠷᠳᠠᠬᠤ ᠪᠤᠶᠤ ᠬᠥᠰᠢᠬᠦ ᠬᠢᠭᠡᠳ ᠠᠮᠠ᠂ ᠨᠢᠳᠦ ᠲᠠᠲᠠᠯᠳᠤᠬᠤ ᠳ᠋ᠤ᠌᠄ ᠰᠤᠳᠠᠯ ᠤ᠋ᠨ ᠲᠤᠭᠤᠯᠭ᠎ᠠ ᠪᠠ ᠬᠠᠯᠠᠭᠤᠨ ᠤᠰᠤ ᠶ᠋ᠢ ᠰᠢᠲᠦᠭᠦᠯ᠃
ᠡᠳᠡᠭᠡᠷ ᠊ᠢ ᠬᠡᠰᠡᠭ ᠪᠤᠰᠠᠭ ᠡᠪᠡᠳᠴᠢᠨ ᠦ᠌ ᠵᠦᠢᠯ ᠳ᠋ᠦ᠍ ᠥᠪᠡᠷ ᠥᠪᠡᠷ ᠦ᠋ᠨ ᠦᠶᠡᠰ ᠳᠠᠬᠢ ᠶᠡᠷᠦᠨᠳᠡᠭ ᠢ᠋ᠶ᠋ᠡᠷ ᠰᠢᠲᠦᠭᠦᠯᠬᠦ ᠶ᠋ᠢ ᠡᠷᠬᠢᠮᠯᠡ᠃ ᠬᠠᠨᠠᠭᠤᠷ᠂ ᠲᠥᠭᠡᠨᠡ ᠲᠡᠷᠢᠭᠦᠲᠡᠨ ᠊ᠢ ᠪᠤᠰᠤᠳ ᠠ᠋ᠴᠠ ᠮᠡᠳᠡᠬᠦ ᠬᠡᠷᠡᠭᠲᠡᠢ᠃
( ᠬᠣᠶᠠᠷ ) ᠳᠡᠯᠭᠡᠷᠡᠭᠰᠡᠨ ᠬᠠᠯᠠᠭᠤᠨ
ᠡᠰᠡ ᠪᠣᠯᠪᠠᠰᠤᠷᠠᠭᠰᠠᠨ ᠬᠠᠯᠠᠭᠤᠨ ᠳ᠋ᠤ᠌ ᠶᠡᠷᠦᠨᠳᠡᠭ ᠡᠰᠡ ᠰᠢᠲᠦᠭᠰᠡᠨ ᠢ᠋ᠶ᠋ᠡᠷ ᠲᠤᠶ᠋ᠢᠯ ᠳ᠋ᠤ᠌ ᠬᠦᠷᠦᠭᠰᠡᠨ ᠪᠠ ᠣᠷᠣᠨ᠂ ᠴᠠᠭ᠂ ᠮᠥᠨ ᠴᠢᠨᠠᠷ᠂ ᠨᠠᠰᠤ ᠬᠢᠭᠡᠳ ᠮᠢᠬ᠎ᠠ ᠠᠷᠢᠬᠢ᠂ ᠪᠦᠯᠢᠶᠡᠨ ᠰᠢᠮᠡᠲᠦ ᠶ᠋ᠢ ᠬᠡᠲᠦᠷᠬᠡᠢ ᠰᠢᠲᠦᠭᠰᠡᠨ ᠂ ᠡᠳᠦᠷ ᠢ᠋ᠶ᠋ᠡᠷ ᠤᠨᠲᠠᠭᠰᠠᠨ ᠶᠠᠪᠤᠳᠠᠯ ᠮᠥᠷ ᠭᠡᠲᠦᠷᠡᠭᠰᠡᠨ ᠂ ᠡᠮ ᠨᠠᠶ᠋ᠢᠷᠠᠯᠭ᠎ᠠ ᠪᠤᠷᠤᠭᠤᠳᠠᠭᠰᠠᠨ ᠢ᠋ᠶ᠋ᠠᠷ ᠪᠠᠳᠬᠠᠨ ᠬᠡᠢ ᠶ᠋ᠢᠨ ᠨᠥᠬᠥᠷ ᠡᠴᠡ ᠠᠩᠭᠢᠵᠢᠷᠠᠵᠤ᠂ ᠣᠨᠴᠠ ᠬᠦᠴᠦᠨ ᠴᠢᠳᠠᠯ ᠪᠦᠷᠢᠲᠦᠭᠰᠡᠨ ᠮᠥᠨ᠃
ᠬᠡᠷᠡᠭᠯᠡᠬᠦ ᠡᠮ᠄ ᠯᠢᠳᠡᠷᠢ ᠂ ᠳ᠋ᠢᠭᠳᠡ᠂ ᠵᠦᠷᠦᠷ᠎ᠠ᠂ ᠪᠠᠱᠠᠭ᠎ᠠ ᠨᠤᠭᠤᠳ ᠊ᠢ ᠨᠠᠶ᠋ᠢᠷᠠᠭᠤᠯᠤᠬᠰᠠᠨ ᠳᠠᠩ ᠢ᠋ᠶ᠋ᠠᠷ ᠡᠪᠡᠳᠴᠢᠨ ᠦ᠌ ᠴᠢᠰᠤ ᠲᠠᠮᠢᠷ ᠯᠤᠭ᠎ᠠ ᠬᠣᠯᠢᠯᠳᠤᠭᠰᠠᠨ ᠊ᠢ ᠢᠯᠭᠠᠨ ᠦᠢᠯᠡᠳ᠃ ᠯᠢᠳᠡᠷᠢ᠂ ᠵᠦᠷᠦᠷ᠎ᠠ᠂ ᠪᠠᠯᠢᠭ᠎ᠠ ᠭᠤᠷᠪᠠ ᠶ᠋ᠢᠨ ᠳᠡᠭᠡᠷ᠎ᠡ ᠬᠠᠯᠠᠭᠤᠨ ᠤ᠋ ᠡᠷᠬᠢᠮ᠂ ᠳᠤᠮᠳᠠ᠂ ᠠᠳᠠᠭ ᠲᠤ᠌ ᠬᠤᠩᠯᠸᠨ᠂ ᠳ᠋ᠢᠭᠳᠡ᠂ ᠪᠠᠱᠠᠭ᠎ᠠ ᠭᠤᠷᠪᠠ ᠶ᠋ᠢ ᠵᠡᠷᠭᠡᠮᠵᠢ ᠪᠡᠷ ᠨᠡᠮᠡᠪᠡᠰᠦ ᠲᠤᠰ ᠲᠤᠰ ᠲᠤᠨᠢ ᠳᠠᠷᠤᠬᠤ ᠠᠨᠤ ᠮᠠᠭᠠᠳ᠃ ᠢᠯᠠᠩᠭᠤᠶ᠎ᠠ ᠳᠡᠯᠭᠡᠷᠡᠭᠰᠡᠨ ᠬᠠᠯᠠᠭᠤᠨ ᠶᠡᠷᠦ ᠬᠢᠭᠡᠳ ᠢᠯᠭᠠᠯ ᠊ᠢ ᠰᠢᠨᠵᠢᠵᠦ ᠠᠯᠢ ᠵᠣᠬᠢᠰᠲᠠᠢ ᠶᠡᠷᠦᠨᠳᠡᠭ ᠊ᠢ ᠪᠤᠰᠤᠳ ᠡᠮ ᠦ᠋ᠨ ᠭᠣᠣᠯ ᠰᠤᠳᠤᠷ ᠠ᠋ᠴᠠ ᠮᠠᠲᠠᠭᠲᠤᠨ᠃ ᠲᠡᠷᠡ ᠮᠡᠲᠦ ᠵᠠᠰᠠᠷᠠᠭᠰᠠᠨ ᠤ᠋ ᠰᠢᠨᠵᠢ ᠨᠢ᠄ ᠰᠤᠳᠠᠯ ᠨᠢ ᠠᠯᠭᠤᠷ ᠰᠤᠯᠠᠬᠠᠨ ᠤᠷᠲᠤ ᠯᠤᠭᠰᠢᠬᠤ ᠂ ᠰᠢᠭᠡᠰᠦᠨ ᠦ᠌ ᠥᠩᠭᠡ ᠨᠢ ᠲᠤᠩᠭᠠᠯᠠᠭ᠂ ᠢᠵᠠᠮᠠᠭ ᠨᠢ ᠨᠢᠮᠭᠡᠨ᠂ ᠡᠳᠦᠷ ᠢ᠋ᠶ᠋ᠡᠷ ᠨᠣᠶ᠋ᠢᠷ ᠪᠠᠭ᠎ᠠ ᠂ ᠢᠳᠡᠭᠡᠨ ᠦ᠌ ᠠᠮᠲᠠ ᠶ᠋ᠢ ᠡᠷᠢᠬᠦ᠂ ᠪᠡᠶ᠎ᠡ ᠰᠡᠳᠬᠢᠯ ᠦ᠋ᠨ ᠠᠵᠢᠯᠯᠠᠭᠠᠨ ᠳ᠋ᠤ᠌ ᠳᠤᠷᠠᠯᠠᠬᠤ᠂ ᠵᠤᠨ ᠤ᠋ ᠡᠴᠦᠰ᠂ ᠡᠪᠦᠯ ᠦ᠋ᠨ ᠥᠭᠡᠳᠡ ᠥᠭᠰᠢᠬᠦ ᠲᠤᠯᠠ ᠠᠭᠤᠯᠠ ᠲᠠᠯ᠎ᠠ ᠶ᠋ᠢᠨ ᠵᠠᠪᠰᠠᠷ ᠲᠤ᠌ ᠬᠢᠨᠠᠭᠲᠤᠨ᠃
( ᠭᠤᠷᠪᠠ ) ᠠᠭᠤᠯᠠ ᠲᠠᠯ᠎ᠠ ᠶ᠋ᠢᠨ ᠵᠠᠪᠰᠠᠷ
ᠲᠡᠷᠡ ᠴᠦ᠍ ᠪᠠᠰᠠ ᠵᠠᠪᠰᠠᠷ ᠲᠡᠭᠦᠨ ᠳ᠋ᠦ᠍ ᠬᠠᠶ᠋ᠢᠯᠬᠤ ᠂ ᠴᠠᠷᠴᠠᠬᠤ ᠭᠤᠷᠪᠠ ᠪᠣᠯᠬᠤ ᠶ᠋ᠢᠨ ᠲᠤᠯᠠ ᠠᠩᠬ᠎ᠠ ᠬᠡᠢ ᠶ᠋ᠢᠨ ᠬᠠᠶ᠋ᠢᠯᠵᠤ ᠴᠠᠷᠴᠠᠬᠤ ᠶ᠋ᠢᠨ ᠰᠢᠨᠵᠢ ᠨᠢ ᠰᠤᠳᠠᠯ ᠨᠢ ᠬᠣᠭᠣᠰᠣᠨ᠂ ᠲᠦᠷᠭᠡᠨ ᠪᠥᠭᠡᠳ ᠰᠢᠭᠡᠰᠦᠨ ᠦ᠌ ᠥᠩᠭᠡ ᠨᠢ ᠤᠯᠠᠭᠠᠨ ᠲᠤᠩᠭᠠᠯᠠᠭ᠂ ᠬᠡᠯᠡ ᠨᠢ ᠬᠠᠭᠤᠷᠠᠢ ᠰᠢᠷᠦᠭᠦᠨ ᠪᠥᠭᠡᠳ ᠬᠠᠳᠬᠤᠯᠠᠭ᠎ᠠ ᠨᠢ ᠮᠠᠭᠠᠳ ᠦᠭᠡᠢ ᠳᠡᠪᠰᠢᠬᠦ ᠂ ᠰᠢᠨᠵᠢ ᠪᠦᠬᠦᠨ ᠪᠦᠷᠢᠳᠪᠡᠰᠦ ᠬᠡᠢ ᠶ᠋ᠢᠨ ᠦᠯᠢᠶᠡᠭᠲᠡᠯ ᠪᠠᠶ᠋ᠢᠬᠤ ᠮᠥᠨ᠃ ᠵᠠᠰᠠᠯ ᠣᠷᠣᠶ᠋ᠢᠲᠠᠪᠠᠰᠤ ᠰᠤᠳᠠᠯ ᠬᠣᠭᠣᠰᠣᠷᠠᠬᠤ ᠬᠡᠮᠡᠭᠴᠢ ᠶ᠋ᠢ ᠠᠨᠠᠭᠠᠬᠤ ᠳ᠋ᠤ᠌ ᠪᠡᠷᠬᠡ᠂ ᠲᠡᠶ᠋ᠢᠮᠦ ᠶ᠋ᠢᠨ ᠲᠤᠯᠠ ᠢᠳᠡᠭᠡᠨ ᠪᠠ ᠡᠮ ᠢ᠋ᠶ᠋ᠡᠷ ᠤᠭᠲᠤᠵᠤ ᠵᠠᠰᠠᠭᠲᠤᠨ ᠃
ᠰᠢᠷ᠎ᠠ ᠶ᠋ᠢᠨ ᠬᠠᠶ᠋ᠢᠯᠵᠤ ᠴᠠᠷᠴᠠᠬᠤ ᠰᠢᠨᠵᠢ ᠨᠢ ᠮᠢᠬ᠎ᠠ ᠰᠢᠭᠤᠭᠳᠠᠬᠤ ᠂ ᠠᠮᠢᠰᠬᠤᠯ ᠴᠢᠬᠤᠯᠳᠠᠬᠤ ᠂ ᠤᠮᠳᠠᠭᠠᠰᠬᠤ ᠂ ᠰᠢᠷ᠎ᠠ ᠦᠰᠦ ᠬᠢᠭᠡᠳ ᠦᠰᠦᠨ ᠦ᠌ ᠢᠷᠣᠭᠠᠷ ᠰᠢᠷᠠᠯᠠᠪᠠᠰᠤ ᠬᠥᠷᠦᠭᠰᠡᠨ ᠦ᠌ ᠰᠢᠨᠵᠢ ᠮᠥᠨ ᠃ ᠲᠡᠭᠦᠨ ᠡᠴᠡ ᠬᠡᠲᠦᠷᠡᠪᠡᠰᠦ ᠲᠠᠮᠢᠷ ᠪᠠᠷᠠᠭᠳᠠᠵᠤ ᠬᠡᠢ ᠳ᠋ᠦ᠍ ᠬᠤᠪᠢᠯᠤᠮᠤᠢ ᠃ ᠲᠡᠶ᠋ᠢᠮᠦ ᠶ᠋ᠢᠨ ᠲᠤᠯᠠ ᠬᠠᠪᠴᠢᠯ ᠳ᠋ᠤ᠌ ᠬᠦᠯᠢᠶᠡᠨ ᠵᠠᠰᠠᠬᠤ ᠶ᠋ᠢ ᠡᠷᠬᠢᠮᠯᠡ᠃
ᠪᠠᠳᠬᠠᠨ ᠬᠠᠯᠠᠭᠤᠨ ᠡᠰᠡ ᠠᠮᠤᠷᠯᠢᠪᠠᠰᠤ᠄ ᠬᠦᠢᠲᠡᠨ ᠦ᠌ ᠰᠢᠨᠵᠢ ᠢᠷᠡᠮᠦᠢ᠃ ᠢᠳᠡᠭᠡᠨ ᠊ᠢ ᠰᠤᠯᠠᠳᠬᠠᠬᠤ ᠨᠢ ᠡᠷᠲᠡᠳᠡᠪᠡᠰᠦ ᠳᠠᠬᠢᠨ ᠬᠠᠯᠠᠭᠤᠨ ᠳ᠋ᠤ᠌ ᠪᠤᠴᠠᠬᠤ᠂ ᠲᠡᠶ᠋ᠢᠮᠦ ᠡᠴᠡ ᠬᠠᠯᠠᠭᠤᠨ ᠮᠠᠭᠠᠳ ᠪᠠᠷᠠᠭᠳᠠᠭᠰᠠᠨ ᠰᠢᠨᠵᠢ ᠢᠯᠡᠷᠡᠭᠰᠡᠨ ᠦ᠌ ᠳᠠᠷᠤᠢ ᠢᠳᠡᠭᠡᠨ ᠪᠠ ᠡᠮ ᠊ᠢ ᠪᠦᠯᠢᠶᠡᠨ ᠢ᠋ᠶ᠋ᠡᠷ ᠡᠷᠭᠢᠭᠦᠯᠦᠨ ᠵᠠᠰᠠ᠃ ᠠᠷᠤ —10 ᠵᠡᠷᠭᠡ ᠶ᠋ᠢᠨ ᠡᠮ ᠢ᠋ᠶ᠋ᠡᠷ ᠵᠠᠰᠠᠭᠲᠤᠨ ᠃
ᠡᠨᠳᠡ ᠲᠣᠪᠴᠢ ᠬᠤᠷᠢᠶᠠᠩᠭᠤᠢ ᠶ᠋ᠢᠨ ᠲᠡᠳᠦᠢ ᠪᠢᠴᠢᠭᠰᠡᠨ ᠊ᠢ ᠤᠬᠠᠭᠠᠨ ᠢ᠋ᠶ᠋ᠠᠷ ᠢ᠋ᠶ᠋ᠠᠨ ᠵᠢᠱ᠌ᠢᠵᠦ ᠠᠯᠢᠨ ᠳ᠋ᠤ᠌ ᠠᠯᠢ ᠵᠣᠬᠢᠰᠲᠠᠢ ᠶ᠋ᠢ ᠰᠢᠲᠦᠭᠦᠯ᠃ ᠬᠢᠵᠢᠭ ᠲᠡᠷᠢᠭᠦᠲᠡᠨ ᠬᠠᠯᠠᠭᠤᠨ ᠳᠡᠶ᠋ᠢᠯᠦᠩᠭᠦᠢ ᠡᠪᠡᠳᠴᠢᠨ ᠦ᠌ ᠠᠯᠢᠨ ᠊ᠢ ᠴᠦ᠍ ᠡᠨᠡ ᠦᠶᠡᠰ ᠠᠨᠠᠭᠠᠬᠤ ᠳ᠋ᠤ᠌ ᠬᠢᠯᠪᠠᠷ᠂ ᠬᠡᠷᠪᠡ ᠬᠡᠲᠦᠷᠡᠪᠡᠰᠦ ᠡᠳᠡᠭᠡᠷᠡᠬᠦ ᠳ᠋ᠦ᠍ ᠪᠡᠷᠬᠡ ᠲᠤᠯᠠ ᠡᠨᠡ ᠦᠶᠡᠰ ᠲᠦ᠍ ᠬᠢᠴᠢᠶᠡᠨ ᠦᠢᠯᠡᠳ᠂ ᠨᠠᠷᠢᠨ ᠨᠢᠭᠲᠠ ᠮᠡᠳᠡᠬᠦ ᠶ᠋ᠢ ᠪᠤᠤ ᠠᠯᠵᠢᠶᠠᠷᠠ᠃
(ᠳᠥᠷᠪᠡ ) ᠬᠣᠭᠣᠰᠣᠨ ᠬᠠᠯᠠᠭᠤᠨ
ᠬᠣᠭᠣᠰᠣᠨ ᠬᠠᠯᠠᠭᠤᠨ ᠬᠡᠮᠡᠬᠦ ᠢᠨᠤ ᠄ ᠬᠠᠯᠠᠭᠤᠨ ᠤ᠋ ᠬᠦᠴᠦ ᠳᠠᠷᠤᠭᠳᠠᠭᠰᠠᠨ ᠪᠣᠯᠪᠠᠴᠤ ᠬᠠᠯᠠᠭᠤᠨ ᠤ᠋ ᠰᠡᠭᠦᠯ ᠡᠰᠡ ᠭᠠᠷᠤᠭᠰᠠᠨ ᠲᠤᠯᠠ ᠬᠡᠢ ᠪᠡᠷ ᠦᠯᠢᠶᠡᠭᠰᠡᠨ ᠮᠥᠨ ᠃
( ᠲᠠᠪᠤ ) ᠪᠥᠷᠬᠦᠭᠰᠡᠨ ᠬᠠᠯᠠᠭᠤᠨ
ᠬᠠᠯᠠᠭᠤᠨ ᠊ᠢ ᠬᠡᠢ᠂ ᠬᠦᠢᠲᠡᠨ ᠬᠣᠶᠠᠷ ᠢ᠋ᠶ᠋ᠠᠷ ᠪᠥᠷᠬᠦᠭᠰᠡᠨ ᠊ᠢ ᠪᠥᠷᠬᠦᠭᠰᠡᠨ ᠬᠠᠯᠠᠭᠤᠨ ᠭᠡᠨ᠎ᠡ᠃ ᠰᠤᠳᠠᠯ ᠨᠢ ᠳᠡᠭᠡᠷ᠎ᠡ ᠪᠡᠨ ᠵᠢᠪᠪᠦᠩᠬᠡᠢ᠂ ᠳᠣᠣᠷ᠎ᠠ ᠪᠠᠨ ᠡᠷᠴᠢᠮᠲᠡᠢ᠂ ᠰᠢᠭᠡᠰᠦᠨ ᠦ᠌ ᠥᠩᠭᠡ ᠨᠢ ᠤᠯᠠᠭᠠᠨ ᠰᠢᠷ᠎ᠠ᠂ ᠠᠭᠤᠷ ᠵᠠᠮᠬᠠᠷᠠᠬᠤ ᠨᠢ ᠤᠳᠠᠭᠠᠨ ᠪᠥᠭᠡᠳ ᠢᠵᠠᠮᠠᠭ ᠨᠢ ᠳᠣᠲᠣᠭᠰᠢ ᠪᠠᠨ ᠬᠤᠶ᠋ᠢᠯᠠᠷᠠᠨ ᠨᠢᠭᠡᠳᠴᠦ ᠢᠷᠡᠨ᠎ᠡ᠃
ᠬᠠᠭᠤᠴᠢᠷᠠᠭᠰᠠᠨ᠂ ᠪᠤᠯᠠᠩᠭᠢᠷᠲᠤᠭᠰᠠᠨ ᠂ ᠭᠡᠮᠲᠦᠭᠰᠡᠨ᠂ ᠬᠢᠮᠤᠷᠠᠭᠰᠠᠨ ᠲᠡᠷᠢᠭᠦᠲᠡᠨ ᠬᠠᠯᠠᠭᠤᠨ ᠨᠤᠭᠤᠳ ᠤ᠋ᠨ ᠰᠢᠨᠵᠢ ᠬᠢᠭᠡᠳ ᠵᠠᠰᠠᠬᠤ ᠠᠷᠭ᠎ᠠ ᠶ᠋ᠢ ᠪᠤᠰᠤᠳ ᠠ᠋ᠴᠠ ᠮᠡᠳᠡᠬᠦ ᠬᠡᠷᠡᠭᠲᠡᠢ᠃
( ᠵᠢᠷᠭᠤᠭ᠎ᠠ ) ᠬᠢᠵᠢᠭ ᠡᠪᠡᠳᠴᠢᠨ
ᠬᠢᠵᠢᠭ ᠡᠪᠡᠳᠴᠢᠨ ᠪᠣᠯ ᠡᠪᠡᠳᠴᠢᠲᠡᠨ ᠦ᠌ ᠪᠣᠳᠠᠲᠠᠢ ᠦᠨᠦᠷ ᠪᠤᠶᠤ ᠡᠪᠡᠳᠴᠢᠲᠡᠨ ᠪᠠᠶ᠋ᠢᠬᠤ ᠵᠦᠭ ᠦ᠋ᠨ ᠤᠲᠤᠭ᠎ᠠ ᠬᠢᠭᠡᠳ ᠰᠠᠯᠬᠢᠨ ᠲᠡᠷᠢᠭᠦᠲᠡᠨ ᠲᠤᠰᠤᠭᠰᠠᠨ ᠢ᠋ᠶ᠋ᠠᠷ ᠨᠢᠭᠡᠨ ᠡᠴᠡ ᠨᠢᠭᠡ ᠳ᠋ᠦ᠍ ᠵᠡᠷᠭᠡ ᠪᠡᠷ ᠬᠠᠯᠳᠠᠪᠤᠷᠢᠯᠠᠬᠤ ᠲᠤᠯᠠ ᠬᠢᠵᠢᠭ ᠭᠡᠮᠡᠨ ᠨᠣᠮᠯᠠᠪᠠ᠃ ᠡᠶ᠋ᠢᠮᠦ ᠶ᠋ᠢᠨ ᠲᠤᠯᠠ ᠠᠩᠬ᠎ᠠ ᠰᠠᠬᠢᠬᠤ ᠶ᠋ᠢ ᠡᠷᠬᠢᠮᠯᠡ᠃
ᠰᠠᠬᠢᠬᠤ ᠠᠷᠭ᠎ᠠ ᠨᠢ᠄ ᠠᠷᠤᠷ᠎ᠠ᠂ ᠮᠠᠨᠴᠢᠨ᠂ ᠭᠢᠸᠠᠩ᠂ ᠬᠥᠬᠥᠯ ᠂ ᠵᠢᠭᠠᠷ᠂ ᠬᠠᠷ᠎ᠠ ᠱᠤᠳᠠᠭ᠂ ᠰᠢᠩᠭᠦᠨ᠂ ᠮᠦᠽᠢ ( ᠬᠦᠬᠦᠷ )᠂ ᠪᠡᠬᠡ ᠶ᠋ᠢ ᠨᠠᠶ᠋ᠢᠷᠠᠭᠤᠯᠤᠬᠰᠠᠨ ᠶᠢᠰᠦᠨ ᠬᠠᠷ᠎ᠠ ᠶ᠋ᠢᠨ ᠨᠠᠶ᠋ᠢᠷᠠᠯᠲᠠ ᠪᠠᠷ ᠬᠠᠯᠳᠠᠪᠤᠷᠢᠲᠤ ᠡᠪᠡᠳᠴᠢᠨ ᠊ᠢ ᠰᠡᠷᠭᠡᠶ᠋ᠢᠯᠡᠨ ᠴᠢᠳᠠᠬᠤ ᠪᠣᠯᠠᠢ᠃ ᠱᠠᠴᠢᠨ᠂ ᠬᠥᠬᠥᠯ᠂ ᠮᠦᠽᠢ᠂ ᠴᠠᠭᠠᠨ ᠰᠠᠷᠢᠮᠰᠠᠭ᠂ ᠳ᠋ᠣᠩᠷᠤᠢ᠂ ᠳ᠋ᠠᠹᠤᠨ ( ᠮᠣᠷᠢᠨ ᠰᠢᠪᠡᠷᠢ )᠂ ᠪᠡᠬᠡ᠂ ᠷᠡᠲᠦᠭ᠋᠂ ᠴᠢᠨᠣ᠎ᠠ ᠶ᠋ᠢᠨ ᠪᠠᠭᠠᠰᠤ᠂ ᠤᠮᠠᠢ ᠶ᠋ᠢᠨ ᠴᠢᠰᠤ᠂ ᠱᠤᠳᠠᠭ᠂ ᠳ᠋ᠠᠭᠱᠠ ᠨᠤᠭᠤᠳ ᠊ᠢ ᠰᠠᠶ᠋ᠢᠲᠤᠷ ᠨᠤᠬᠤᠵᠤ᠂ ᠭᠠᠬᠠᠢ ᠶ᠋ᠢᠨ ᠥᠭᠡᠬᠦᠨ ᠳ᠋ᠦ᠍ ᠵᠢᠭᠤᠷᠠᠵᠤ ᠲᠦᠷᠬᠢᠬᠦ ᠪᠤᠶᠤ ᠤᠲᠤᠭ᠎ᠠ ᠪᠠᠷ ᠨᠢ ᠣᠲᠣᠪᠠᠰᠤ ᠬᠢᠵᠢᠭ ᠡᠪᠡᠳᠴᠢᠨ ᠭᠠᠯ ᠮᠡᠲᠦ ᠪᠠᠳᠠᠷᠠᠪᠠᠴᠤ ᠡᠭᠦᠨ ᠢ᠋ᠶ᠋ᠡᠷ ᠳᠠᠷᠤᠨ ᠴᠢᠳᠠᠮᠤᠢ᠃
ᠶᠦᠲ᠋ᠤᠬ ※ ᠤ᠋ᠨ ᠡᠮ ᠢ᠋ᠶ᠋ᠡᠷ ᠰᠡᠷᠭᠡᠶ᠋ᠢᠯᠡᠬᠦ ᠨᠢ᠄ ᠭᠠᠪᠤᠷ᠂ ᠭᠢᠸᠠᠩ᠂ ᠵᠢᠷᠭᠤᠭᠠᠨ ᠰᠠᠢᠨ᠂ ᠴᠣᠶ᠋ᠢᠮᠠᠨ ( ᠵᠠᠰᠠᠯ ᠤ᠋ᠨ ᠡᠮ )᠂ ᠰᠢᠩᠭᠦᠨ᠂ ᠠᠭᠠᠷᠤ᠂ ᠵᠢᠭᠠᠷ᠂ ᠮᠦᠽᠢ᠂ ᠮᠠᠨᠴᠢᠨ᠂ ᠱᠣᠳᠠᠭ ᠂ ᠶᠦᠩᠸ᠋᠎ᠠ ᠂ ᠬᠥᠬᠥᠯ ᠂ ᠳ᠋ᠠᠹᠤᠨ ( ᠮᠣᠷᠢᠨ ᠰᠢᠪᠡᠷᠢ )᠂ ᠯᡁᠧᠩᠲᠣᠬ ( ᠮᠢᠩᠵᠠᠨ ᠨᠠᠭ )᠂ ᠥᠨᠥᠴᠢᠨ ( ᠭᠠᠭᠴᠠ ᠰᠢᠳᠦᠲᠦ ) ᠰᠠᠷᠢᠮᠰᠠᠭ ᠦ᠋ᠳ ᠊ᠢ ᠶᠦᠩᠭᠠᠷ ᠤ᠋ᠨ ᠲᠡᠳᠦᠢ ᠷᠢᠯᠦᠲᠡᠵᠦ ᠡᠳᠦᠷ ᠪᠦᠷᠢ ᠨᠢᠵᠡᠭᠡᠳ ᠥᠭᠪᠡᠰᠦ ᠬᠢᠵᠢᠭ ᠡᠪᠡᠳᠴᠢᠨ ᠶᠠᠮᠠᠷ ᠮᠡᠲᠦ ᠪᠣᠯᠪᠠᠴᠤ ᠬᠠᠯᠳᠠᠵᠤ ᠦᠯᠦ ᠴᠢᠳᠠᠬᠤ ᠭᠡᠮᠡᠨ ᠨᠣᠮᠯᠠᠭᠰᠠᠨ ᠶᠤᠮ᠃ ᠡᠰᠡᠬᠦᠯ᠎ᠡ ᠯᠦᠭᠮᠢᠭ ᠮᠸᠲᠣᠬ ᠊ᠢ ᠰᠠᠶ᠋ᠢᠲᠤᠷ ᠨᠤᠬᠤᠵᠤ ᠰᠦᠨ ᠳ᠋ᠦ᠍ ᠲᠠᠯᠪᠢᠵᠤ ᠰᠢᠷᠭᠢᠭᠰᠡᠨ ᠰᠢᠭᠦᠰᠦ ᠶ᠋ᠢᠨ ᠳᠣᠲᠣᠷ᠎ᠠ ᠵᠢᠭᠠᠷ᠂ ᠱᠤᠳᠠᠭ᠂ ᠮᠠᠨᠴᠢᠨ᠂ ᠴᠠᠭᠠᠨ ᠰᠠᠷᠢᠮᠰᠠᠭ ᠊ᠢ ᠲᠠᠯᠬᠠᠳᠠᠨ ᠲᠠᠯᠪᠢᠵᠤ᠂ ᠰᠤᠳᠠᠯ ᠬᠣᠭᠣᠰᠣᠨ ᠴᠠᠭ ᠲᠤ᠌ ᠥᠭᠪᠡᠰᠦ ᠬᠢᠵᠢᠭ ᠡᠪᠡᠳᠴᠢᠨ ᠪᠦᠬᠦᠨ ᠊ᠢ ᠰᠡᠷᠭᠡᠶ᠋ᠢᠯᠡᠨ ᠴᠢᠳᠠᠮᠤᠢ᠃
ᠪᠣᠳᠣ ᠳᠣᠲᠣᠭᠰᠢ ᠤᠷᠪᠠᠭᠰᠠᠨ ᠊ᠢ ᠭᠠᠳᠠᠭᠰᠢ ᠲᠦᠯᠬᠢᠬᠦ ᠬᠢᠭᠡᠳ ᠢᠯᠠᠩᠭᠤᠶ᠎ᠠ ᠡᠪᠡᠳᠴᠢᠲᠡᠨ ᠦ᠌ ᠨᠣᠶ᠋ᠢᠷ ᠊ᠢ ᠰᠠᠬᠢᠬᠤ ᠠᠷᠭ᠎ᠠ᠄ ᠸᠴᠢᠷ ᠬᠤᠶᠠᠭ ᠤ᠋ᠨ ᠰᠠᠬᠢᠭᠤᠯᠭᠠ ᠬᠢᠭᠡᠳ ᠫᠠ ᠳ᠋ᠠᠮᠪᠠ ※ ᠶ᠋ᠢᠨ ᠲᠠᠪᠤᠨ ᠡᡁᠤᠢ᠍ᠩ᠂ ᠨᠠᠢ᠍ᠮᠠᠨ ᠭᠠᠪᠠᠯᠠ ※᠂ ᠭᠠᠷᠤᠳᠢ ᠶ᠋ᠢᠨ ᠬᠦᠷᠳᠦ ※᠂ ᠵᠡᠷᠯᠢᠭ ᠭᠠᠬᠠᠢ ᠶ᠋ᠢᠨ ᠬᠦᠷᠳᠦ ※ ᠲᠡᠷᠢᠭᠦᠲᠡᠨ ᠊ᠢ ᠬᠤᠪᠢ ᠲᠡᠭᠦᠰ ᠶᠣᠰᠣᠴᠢᠯᠠᠨ ᠵᠡᠭᠦᠪᠡᠰᠦ ᠮᠠᠭᠠᠳ ᠴᠢᠳᠠᠬᠤ ᠪᠣᠯᠠᠢ᠃
ᠦᠰᠦᠭ ᠠᠮᠢᠯᠠᠭᠤᠯᠤᠭᠰᠠᠨ ᠨᠢ᠄ ᠦᠯᠵᠡᠶ᠋ᠢᠪᠠᠭᠠᠲᠤᠷ
ᠬᠢᠨᠠᠭᠰᠠᠨ ᠨᠢ᠄ ᠣᠤᠠᠬᠠᠨᠰᠣ᠎ᠠ
