ᠢᠰᠡᠭᠡᠢ ᠭᠡᠷ  ᠤᠨ ᠮᠢᠨᠢ ᠣᠨᠢ - ᠯᠢᠭᠳᠡᠨ Эсгий гэрийн минь онь - Лигдэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠰᠡᠭᠡᠢ ᠭᠡᠷ  ᠤᠨ ᠮᠢᠨᠢ ᠣᠨᠢ - ᠯᠢᠭᠳᠡᠨ Эсгий гэрийн минь онь - Лигдэн

ᠢᠰᠡᠭᠡᠢ ᠭᠡᠷ  ᠤᠨ ᠮᠢᠨᠢ ᠣᠨᠢ - ᠯᠢᠭᠳᠡᠨ Эсгий гэрийн минь онь - Лигдэн

2023-06-17

272

ᠢᠰᠡᠭᠡᠢ ᠭᠡᠷ  ᠤᠨ ᠮᠢᠨᠢ ᠣᠨᠢ


      ᠤᠷᠭᠠᠴᠢᠨ ᠪᠥᠬᠡᠴᠢᠨ ᠨᠠᠮᠨᠠᠭᠠᠴᠢᠨ ᠮᠣᠬᠣᠰᠢ ᠦᠭᠡᠢ ᠮᠣᠩᠭᠣᠯ ᠦᠷᠡᠰ ᠃ 
      ᠬᠤᠪᠢ ᠵᠠᠶᠠᠭ᠎ᠠ ᠪᠠᠨ ᠬᠣᠢᠪᠢᠳᠤ ᠤᠷᠭ᠎ᠠ ᠪᠠᠷ ᠢ᠋ᠶ᠋ᠠᠨ  ᠪᠠᠷᠢᠵᠤ ᠵᠠᠢᠳᠠᠯᠠᠭᠠᠳ ᠂ ᠵᠣᠷᠢᠭ ᠤᠬᠠᠭᠠᠨ ᠬᠣᠶᠠᠷ ᠢ᠋ᠶ᠋ᠠᠷ ᠢ᠋ᠶ᠋ᠠᠨ ᠵᠠᠩᠭᠢᠳᠤᠭᠰᠠᠨ ᠵᠢᠯᠣᠭᠣ ᠴᠤᠯᠪᠤᠭᠤᠷ ᠢ᠋ᠶ᠋ᠠᠨ ᠠᠳᠬᠤᠭᠠᠳ ᠵᠣᠯᠪᠣᠭᠠᠲᠤ ᠠᠮᠢᠳᠤᠷᠠᠯ ᠳ᠋ᠤ᠌ ᠵᠣᠷᠢᠨᠠᠮ ᠃ 
      ᠵᠠᠮ ᠮᠤᠷᠤᠢ ᠂ ᠪᠠᠷᠲᠠᠭ᠎ᠠ ᠶᠡᠬᠡ ᠂ ᠬᠦᠯᠦᠭ ᠲᠤᠢᠯᠠᠩᠬᠠᠢ ᠂ ᠮᠠᠨᠠᠨ ᠵᠤᠵᠠᠭᠠᠨ ᠂ ᠵᠡᠷᠭᠡᠯᠭᠡᠨ  ᠵᠢᠭᠲᠡᠢ ᠂ ᠬᠡᠰᠡᠭ ᠰᠢᠭᠤᠷᠭ᠎ᠠ ᠲᠠᠢ ᠂ ᠬᠡᠰᠡᠭ ᠪᠣᠷᠣᠭ᠎ᠠ ᠲᠠᠢ ᠂  ᠲᠣᠷᠰᠬᠢᠪᠡᠯ ᠵᠤᠨ ᠂  ᠳᠤᠨᠳᠤᠰᠬᠢᠪᠡᠯ ᠬᠠᠪᠤᠷ ᠂ ᠲᠥᠭᠡ ᠵᠠᠢ ᠳ᠋ᠤ᠌ ᠲᠥᠭᠡᠷᠢᠬᠦ ᠠᠶᠤᠯ ᠲᠠᠢ ᠂ ᠢᠷᠮᠡᠬᠦ ᠵᠠᠭᠤᠷ᠎ᠠ ᠳ᠋ᠤ᠌ ᠡᠨᠳᠡᠬᠦ ᠡᠮᠢᠶᠡᠯ ᠲᠡᠢ ᠠᠶᠠᠯᠠᠯ ᠳ᠋ᠤ᠌ ᠮᠣᠬᠣᠰᠢ ᠦᠭᠡᠢ ᠮᠣᠩᠭᠣᠯ  ᠵᠠᠯᠠᠭᠤ ᠮᠢᠨᠢ ᠬᠣᠷᠮᠣᠢᠳᠠᠪᠠᠴᠤ ᠬᠣᠢᠰᠢᠯᠠᠬᠤ ᠦᠭᠡᠢ  ᠲᠣᠷᠤᠯ ᠦᠭᠡᠢ ᠳᠣᠪᠲᠣᠯᠤᠨ ᠶᠠᠳᠠᠷᠠᠯ ᠦᠭᠡᠢ ᠶᠠᠪᠤᠨᠠᠮ ᠃ 
      ᠵᠣᠯ ᠵᠢᠷᠭᠠᠯ ᠤ᠋ᠨ ᠳᠠᠭᠢᠨᠢ ᠶ᠋ᠢ ᠪᠠᠭᠤᠯᠭᠠᠬᠤ ᠳ᠋ᠤ᠌  ᠠᠯᠲᠠ ᠮᠥᠩᠭᠥᠨ ᠲᠡᠪᠡᠨᠡ ᠶ᠋ᠢᠨ ᠰᠦᠪᠡᠭᠴᠢ ᠶ᠋ᠢ ᠠᠯᠳᠠᠯ ᠦᠭᠡᠢ ᠬᠠᠷᠪᠤᠵᠤ ᠲᠡᠷᠢᠭᠦᠯᠡᠳᠡᠭ ᠮᠡᠷᠭᠡᠨ  ᠨᠠᠮᠨᠠᠭᠠᠴᠢᠨ ᠮᠢᠨᠢ ᠠᠮᠢᠳᠤᠷᠠᠯ ᠣᠷᠣᠰᠢᠯ ᠤ᠋ᠨ ᠪᠡᠷᠬᠡ ᠪᠠᠷᠲᠠᠭ᠎ᠠ ᠶ᠋ᠢ  ᠨᠤᠮᠤ ᠰᠤᠮᠤ ᠪᠠᠷ ᠢ᠋ᠶ᠋ᠠᠨ ᠬᠥᠲᠥᠯ ᠣᠨᠢ ᠭᠠᠷᠲᠠᠯ᠎ᠠ ᠬᠠᠷᠪᠤᠵᠤ ᠂ ᠬᠣᠣᠷᠲᠠᠢ ᠵᠢᠷᠦᠬᠡ ᠶ᠋ᠢ ᠨᠡᠪᠲᠡ ᠂ ᠬᠣᠪᠴᠢ ᠬᠣᠩᠰᠢᠶᠠᠷ ᠢ᠋ ᠰᠢᠪᠲᠤ ᠂ ᠬᠣᠮᠣᠬᠠᠢ ᠰᠠᠨᠠᠭ᠎ᠠ ᠶ᠋ᠢ ᠰᠡᠳᠡ ᠰᠦᠪᠡᠯᠡᠨᠡᠮ ᠃ 
      ᠵᠠᠮ ᠳᠡᠭᠡᠷ᠎ᠡ ᠵᠠᠭᠠᠨ ᠰᠢᠭ᠋ ᠬᠥᠨᠳᠡᠯᠢᠳᠦᠨ ᠬᠡᠷᠦᠭᠰᠡᠨ ᠬᠦᠴᠢᠷ ᠪᠡᠷᠬᠡᠰᠢᠶᠡᠯ ᠦ᠋ᠨ ᠵᠤᠯᠵᠠᠭ᠎ᠠ ᠨᠤᠭᠤᠳ ᠬᠥᠳᠡᠯᠮᠦᠷᠢ ᠠᠮᠢᠳᠤᠷᠠᠯ ᠤ᠋ᠨ ᠳᠤᠮᠳᠠ ᠰᠢᠷᠭᠤᠵᠤ ᠣᠷᠣᠭᠠᠳ ᠮᠣᠬᠣᠰᠢ ᠦᠭᠡᠢ ᠮᠣᠩᠭᠣᠯ ᠵᠠᠯᠠᠭᠤ ᠶ᠋ᠢ ᠬᠦᠵᠦᠭᠦᠳᠡᠨ ᠳᠠᠷᠤᠵᠤ ᠬᠥᠯᠥᠰᠥ ᠶ᠋ᠢ ᠨᠢ ᠳᠤᠰᠤᠯᠠᠭᠤᠯᠤᠨ ᠬᠥᠯ ᠢ᠋ ᠨᠢ ᠭᠣᠬᠠᠳᠠᠵᠤ ᠣᠷᠣᠯᠳᠣᠨ᠎ᠠ ᠃ ᠰᠢᠷᠣᠢᠳᠠᠳᠠᠭ ᠦᠭᠡᠢ ᠪᠣᠰᠤᠭ᠎ᠠ ᠮᠣᠩᠭᠣᠯ ᠪᠥᠬᠡ ᠢᠮᠠᠭᠲᠠ ᠢᠯᠠᠭᠴᠢ ᠬᠥᠯ ᠳᠡᠭᠡᠷ᠎ᠡ ᠪᠡᠨ ᠬᠥᠮᠦᠨ ᠰᠢᠭᠤᠢ ᠳᠣᠲᠣᠷ᠎ᠠ ᠬᠥᠬᠡ ᠨᠠᠷᠠᠰᠤ ᠰᠢᠭ᠋ ᠵᠣᠭᠰᠣᠨ᠎ᠠ ᠃ 
      ᠢᠰᠡᠭᠡᠢ ᠭᠡᠷ ᠦ᠋ᠨ ᠮᠢᠨᠢ ᠣᠨᠢ ᠲᠤᠯᠭᠠᠭᠤᠷᠢ ᠪᠤᠯᠵᠠᠭᠠᠭᠰᠠᠨ ᠮᠣᠬᠣᠰᠢ ᠦᠭᠡᠢ ᠮᠣᠩᠭᠣᠯ ᠵᠠᠯᠠᠭᠤᠰ ᠦᠨᠳᠦᠰᠦ ᠲᠡᠢ ᠮᠣᠳᠣ ᠂ ᠪᠠᠷ᠎ᠠ ᠲᠠᠢ ᠲᠣᠳᠣ ᠂ ᠰᠠᠮᠪᠠᠭ᠎ᠠ ᠲᠠᠢ ᠰᠣᠳᠣ ᠂ ᠭᠡᠷᠡᠯ ᠲᠡᠢ ᠡᠦᠲᠦ ᠃ ᠲᠣᠭᠣᠨᠣ ᠪᠠᠨ ᠮᠥᠩᠬᠡ ᠲᠤᠯᠵᠤ ᠂ ᠲᠣᠲᠣᠭᠣ ᠪᠠᠨ ᠥᠨᠢ ᠡᠷᠭᠦᠵᠦ ᠂ ᠡᠨᠡ ᠭᠡᠷ ᠢ᠋ᠶ᠋ᠡᠨ ᠡᠩᠬᠡ ᠮᠠᠨᠳᠤᠭᠤᠯᠤᠨ᠎ᠠ ᠃ 
      ᠲᠡᠳᠡᠨ ᠦ᠌ ᠵᠠᠩ ᠴᠢᠨᠠᠷ ᠬᠥᠳᠡᠯᠦᠯ ᠪᠠᠢᠳᠠᠯ –– ᠨᠣᠴᠣᠬᠤ ᠭᠠᠯ ᠂ ᠦᠶᠡᠷᠯᠡᠬᠦ ᠤᠰᠤ ᠂ ᠱᠤᠤᠭᠢᠬᠤ ᠰᠠᠯᠬᠢᠨ ᠂ ᠨᠢᠷᠭᠡᠬᠦ ᠠᠶᠤᠩᠭ᠎ᠠ  ᠃ 
      ᠵᠣᠷᠢᠭ ᠰᠥᠰᠥ ᠪᠣᠯ ᠲᠡᠳᠡᠨ ᠦ᠌ ᠮᠥᠩᠬᠡ ᠤᠯᠠᠮᠵᠢᠯᠠᠭᠴᠢ ᠥᠪ ᠬᠥᠷᠥᠩᠭᠡ ᠂ ᠵᠠᠮ ᠤ᠋ᠨ ᠵᠠᠷᠤᠳᠠᠯ ᠶᠤᠮ ᠃ 
      ᠢᠲᠡᠭᠡᠯ ᠵᠣᠷᠢᠯᠲᠠ ᠪᠣᠯ ᠲᠡᠳᠡᠨ ᠦ᠌ ᠢᠷᠡᠭᠡᠳᠦᠢ ᠳ᠋ᠦ᠍ ᠬᠦᠷᠬᠦ  ᠰᠡᠳᠬᠢᠯ ᠦ᠋ᠨ ᠬᠢᠨᠢ ᠢᠳᠡᠭᠡᠨ ᠤᠮᠳᠠᠭᠠᠨ ᠢᠯᠴᠢ ᠭᠡᠷᠡᠯ ᠦ᠋ᠨ  ᠬᠥᠮᠥᠷᠭᠡ   ᠶᠦ᠍ᠮ ᠃ 
      ᠢᠯᠠᠪᠠᠯ ᠳᠠᠬᠢᠨ ᠢᠯᠠᠬᠤ ᠶ᠋ᠢᠨ ᠪᠠᠷᠳᠠᠮ ᠢᠲᠡᠭᠡᠯ ᠲᠡᠢ   ᠂ ᠢᠯᠠᠭᠳᠠᠭᠰᠠᠨ ᠴᠤ᠌ ᠵᠠᠪᠠᠯ ᠢᠯᠠᠬᠤ ᠶ᠋ᠢᠨ  ᠪᠠᠲᠤ ᠢᠲᠡᠭᠡᠯ ᠲᠡᠢ ᠂ ᠢᠷᠡᠭᠡᠳᠦᠢ ᠶ᠋ᠢ ᠢᠯᠡ ᠪᠡᠷ ᠤᠭᠲᠤᠬᠤ ᠪᠠᠶᠠᠨ ᠢᠲᠡᠭᠡᠯ ᠲᠡᠢ ᠃ 
      ᠡᠨᠡ ᠦᠨᠳᠦᠰᠦ ᠡᠷᠡᠮᠡᠯᠵᠡᠯᠡᠯ ᠦ᠋ᠨ  ᠴᠣᠮᠣᠷᠯᠢᠭ ᠃  
                                                     1983. 12