ᠬᠣᠯᠠ ᠶ᠋ᠢᠨ ᠴᠠᠭᠠᠨ ᠡᠭᠦᠯᠡ- ᠬᠠᠷᠬᠠᠳᠠᠨ ᠷ · ᠴᠢᠷᠮᠠᠢᠯᠳᠤХолын цагаан үүл-хархтан р · чармайлт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠯᠠ ᠶ᠋ᠢᠨ ᠴᠠᠭᠠᠨ ᠡᠭᠦᠯᠡ- ᠬᠠᠷᠬᠠᠳᠠᠨ ᠷ · ᠴᠢᠷᠮᠠᠢᠯᠳᠤХолын цагаан үүл-хархтан р · чармайлт

ᠬᠣᠯᠠ ᠶ᠋ᠢᠨ ᠴᠠᠭᠠᠨ ᠡᠭᠦᠯᠡ- ᠬᠠᠷᠬᠠᠳᠠᠨ ᠷ · ᠴᠢᠷᠮᠠᠢᠯᠳᠤХолын цагаан үүл-хархтан р · чармайлт

2023-06-16

297

ᠬᠣᠯᠠ ᠶ᠋ᠢᠨ ᠴᠠᠭᠠᠨ ᠡᠭᠦᠯᠡ

   ᠬᠠᠷᠬᠠᠳᠠᠨ  · ᠴᠢᠷᠮᠠᠢᠯᠳᠤ
ᠬᠣᠯᠠ ᠶ᠋ᠢᠨ ᠴᠠᠭᠠᠨ ᠡᠭᠦᠯᠡ
ᠵᠡᠭᠦᠳᠦᠨ ᠳ᠋ᠦ᠍ ᠤᠷᠭᠤᠭᠰᠠᠨ ᠬᠠᠶ᠋ᠢᠷ᠎ᠠ ᠪᠠᠶ᠋ᠢᠯ᠎ᠠ
ᠬᠣᠶᠠᠷ ᠰᠡᠳᠬᠢᠯ ᠊ᠢ ᠬᠣᠯᠪᠣᠭᠰᠠᠨ
ᠵᠢᠷᠦᠬᠡᠨ ᠳ᠋ᠦ᠍ ᠮᠥᠩᠬᠡᠷᠡᠭᠰᠡᠨ ᠳᠤᠷᠠᠰᠤᠯ ᠪᠠᠶ᠋ᠢᠯ᠎ᠠ !
ᠬᠣᠯᠠ ᠶ᠋ᠢᠨ ᠴᠠᠭᠠᠨ ᠡᠭᠦᠯᠡ
ᠵᠣᠳᠣᠭ ᠰᠢᠭᠦᠷᠡᠭᠰᠡᠨ ᠪᠥᠬᠡ ᠪᠠᠶ᠋ᠢᠯ᠎ᠠ
ᠬᠣᠲᠠᠯᠠ ᠣᠯᠠᠨ ᠳ᠋ᠤ᠌ ᠬᠣᠣᠰ ᠦᠭᠡᠢ
ᠵᠣᠭᠰᠣᠭ᠎ᠠ ᠪᠠᠷ ᠢ᠋ᠶ᠋ᠠᠨ ᠨᠥᠭᠴᠢᠲᠡᠭ ᠡᠷ᠎ᠡ ᠪᠠᠶ᠋ᠢᠯ᠎ᠠ !
ᠬᠣᠯᠠ ᠶ᠋ᠢᠨ ᠴᠠᠭᠠᠨ ᠡᠭᠦᠯᠡ
ᠰᠠᠯᠬᠢᠨ ᠳ᠋ᠤ᠌ ᠲᠠᠭᠤᠭᠳᠠᠳᠠᠭ ᠦᠭᠡᠢ ᠬᠤᠷ᠎ᠠ ᠪᠠᠶ᠋ᠢᠯ᠎ᠠ
ᠬᠣᠩᠭᠣᠷ ᠠᠮᠠᠷᠠᠭ ᠊ᠢ ᠠᠭᠤᠯᠵᠠᠭᠤᠯᠤᠭᠰᠠᠨ
ᠰᠠᠨᠠᠭᠠᠨ ᠳ᠋ᠤ᠌ ᠮᠠᠷᠲᠠᠭᠳᠠᠳᠠᠭ ᠦᠭᠡᠢ ᠲᠠᠩᠭᠠᠷᠢᠭ ᠪᠠᠶ᠋ᠢᠯ᠎ᠠ !
ᠬᠣᠯᠠ ᠶ᠋ᠢᠨ ᠴᠠᠭᠠᠨ ᠡᠭᠦᠯᠡ
ᠳᠡᠭᠡᠷ᠎ᠡ ᠡᠴᠡ ᠪᠠᠭᠤᠭᠰᠠᠨ ᠲᠠᠷᠨᠢ ᠪᠠᠶ᠋ᠢᠯ᠎ᠠ
ᠬᠤᠪᠢ ᠵᠠᠶᠠᠭ᠎ᠠ ᠶ᠋ᠢ ᠨᠢᠭᠡᠳᠬᠡᠬᠦ
ᠳᠡᠯᠡᠬᠡᠢ ᠳ᠋ᠦ᠍ ᠡᠩᠬᠡᠵᠢᠬᠦ ᠢᠷᠦᠭᠡᠯ ᠪᠠᠶ᠋ᠢᠯ᠎ᠠ !

ᠴᠠᠭᠠᠨ ᠡᠭᠦᠯᠡ ᠠ᠋᠂ ᠴᠠᠭ ᠤ᠋ᠨ ᠰᠠᠬᠢᠭᠤᠰᠤ ᠮᠢᠨᠢ᠂
ᠴᠠᠳᠢᠭ ᠲᠡᠦᠬᠡ ᠠ᠋᠂ ᠴᠠᠭᠯᠠᠰᠢ ᠦᠭᠡᠢ ᠬᠦᠰᠡᠯ ᠮᠥᠷᠥᠭᠡᠳᠦᠯ ᠮᠢᠨᠢ!

   ᠦᠰᠦᠭ ᠬᠠᠲᠠᠵᠤ ᠠᠮᠢᠯᠠᠭᠰᠠᠨ ᠨᠢ ᠄ ᠬᠠᠷᠬᠠᠲᠠᠨ   ᠴᠢᠷᠮᠠᠶ᠋ᠢᠯᠲᠤ
   
ᠬᠢᠨᠠᠭᠴᠢ ᠄ ᠢᠷᠡᠭᠡᠳᠦᠢ