ᠬᠡᠴᠡᠭᠦᠦ ᠵᠢᠯХэцүү жил
ᠬᠡᠴᠡᠭᠦᠦ ᠵᠢᠯ
ᠭᠠᠩ ᠤ᠋ᠨ ᠰᠠᠯᠬᠢᠨ ᠡᠳᠦᠷᠵᠢᠨ ᠦᠯᠢᠶᠡᠵᠦ
ᠭᠠᠷᠬᠤ ᠨᠠᠷᠠᠨ ᠳᠥᠴᠢᠨ ᠭᠷᠠᠳᠦ᠋ᠰ ᠬᠠᠯᠠᠭᠤᠨ
ᠭᠠᠮᠰᠢᠭᠳᠠᠭᠰᠠᠨ ᠮᠠᠯ ᠦ᠋ᠳ ᠲᠣᠯᠣᠭᠠᠢ ᠭᠣᠲᠣᠶ᠋ᠢᠵᠤ
ᠭᠠᠴᠢᠭᠳᠠᠭᠰᠠᠨ ᠮᠠᠯᠴᠢᠳ
ᠳᠠᠭᠤ ᠠᠯᠳᠠᠨᠠᠮ
ᠨᠢᠯᠬ᠎ᠠ ᠨᠣᠭᠣᠭ᠎ᠠ ᠬᠠᠳᠠᠨ ᠬᠣᠷᠪᠣᠶ᠋ᠢᠵᠤ
ᠨᠣᠭᠣᠭᠠᠨ ᠲᠠᠯ᠎ᠠ
ᠤᠯᠠᠭᠠᠨ ᠬᠠᠯᠴᠠᠭᠠᠢ
ᠡᠪᠡᠰᠦ ᠪᠣᠷᠳᠣᠭ᠎ᠠ ᠭᠡᠵᠦ ᠡᠷᠢᠨ ᠰᠤᠷᠠᠭᠯᠠᠵᠤ
ᠥᠨᠥ ᠵᠢᠯ ᠦ᠋ᠨ ᠥᠩᠭᠡ
ᠭᠡᠵᠦ ᠤᠷᠲᠤ ᠰᠡᠭᠦᠷᠡᠰᠦᠯᠡᠨᠡᠮ
ᠬᠠᠰᠢᠶᠠᠯᠠᠭᠰᠠᠨ ᠬᠣᠨᠢᠳ
ᠡᠴᠡᠩᠬᠡᠢ ᠲᠤᠷᠠᠩᠬᠠᠢ
ᠬᠠᠲᠠᠭᠤ ᠳᠦᠷᠢᠮ ᠵᠢᠯ
ᠪᠣᠯᠭᠠᠨ ᠴᠤ᠌
ᠰᠡᠷᠭᠦᠭᠰᠡᠨ ᠪᠡᠯᠴᠢᠭᠡᠷ
ᠭᠡᠵᠦ ᠶᠠᠭ ᠲᠠᠭ
ᠰᠡᠳᠬᠢᠯ ᠦ᠋ᠨ ᠳᠠᠷᠤᠭᠠᠰᠤ ᠮᠠᠯᠴᠢᠳ ᠲᠤᠷ ᠲᠤᠯᠭᠠᠷᠠᠨᠠᠮ
ᠬᠤᠷ᠎ᠠ ᠪᠣᠷᠣᠭᠠᠨ
ᠬᠡᠮᠨᠡᠯ ᠢ᠋ᠶ᠋ᠡᠨ ᠠᠯᠳᠠᠭᠰᠠᠨ ᠨᠢ
ᠪᠠᠶ᠋ᠢᠭᠠᠯᠢ ᠳᠡᠯᠡᠬᠡᠢ ᠪᠡᠨ ᠰᠦᠢᠤᠠᠬᠡᠭᠰᠡᠨ ᠦ᠌ ᠬᠢ ᠪᠠᠶ᠋ᠢᠯᠭᠦᠢ
ᠬᠠᠪᠤᠷ ᠵᠤᠨ ᠢᠯᠭᠠᠯ
ᠦᠭᠡᠢ ᠪᠣᠯᠤᠭᠰᠠᠨ ᠨᠢ
ᠴᠥᠪ ᠦ᠋ᠨ ᠴᠠᠭ ᠤ᠋ᠨ ᠰᠢᠨᠵᠢ
ᠢᠯᠡᠷᠡᠯ ᠪᠠᠶ᠋ᠢᠯᠭᠦᠢ
ᠦᠰᠦᠭ ᠠᠮᠢᠯᠠᠭᠤᠯᠤᠭᠴᠢ ᠄ ᠬᠤᠸᠠᠷ
ᠬᠢᠨᠠᠭᠴᠢ ᠄ ᠣᠤᠠᠬᠠᠨᠰᠣ ᠠ᠋
