ᠣᠷᠬᠣᠳᠠᠢ ᠶᠢᠨ ᠴᠡᠴᠡᠭ - ᠯᠢᠭᠳᠡᠨ Орхоодойн цэцэг - Лигдэн
ᠣᠷᠬᠣᠳᠠᠢ ᠶᠢᠨ ᠴᠡᠴᠡᠭ
ᠣᠶᠤᠨ ᠰᠠᠨᠠᠭᠠᠨ ᠤ᠋ ᠣᠷᠬᠣᠳᠠᠢ ᠶ᠋ᠢᠨ ᠴᠡᠴᠡᠭ ᠳᠡᠯᠭᠡᠷᠡᠯ᠎ᠡ ᠃ ᠣᠶᠤᠨ ᠰᠠᠨᠠᠭᠠᠨ ᠤ᠋ ᠣᠷᠬᠣᠳᠠᠢ ᠶ᠋ᠢᠨ ᠴᠡᠴᠡᠭ ᠭᠡᠭᠴᠢ ᠶᠠᠭᠤᠲᠠᠢ ᠡᠷᠬᠢᠮ ᠂ ᠶᠠᠭᠤᠲᠠᠢ ᠰᠣᠷᠭᠣᠭ ᠂ ᠶᠠᠭᠤᠲᠠᠢ ᠳᠠᠷᠬᠠᠨ ᠠᠵᠢ ! ᠣᠶᠤᠨ ᠰᠠᠨᠠᠭᠠᠨ ᠤ᠋ ᠣᠷᠬᠣᠳᠠᠢ ᠶ᠋ᠢᠨ ᠴᠡᠴᠡᠭ ᠪᠣᠯ ᠦᠨᠡᠨ ᠴᠠᠭᠠᠨ ᠦᠵᠡᠯ ᠰᠠᠨᠠᠭᠠᠨ ᠤ᠋ ᠦᠨᠳᠦᠰᠦᠨ ᠡᠴᠡ ᠳᠡᠯᠭᠡᠷᠡᠳᠡᠭ ᠶᠢᠷᠲᠢᠨᠴᠦ ᠶ᠋ᠢᠨ ᠵᠢᠩᠬᠢᠨᠢ ᠠᠮᠢᠳᠤ ᠴᠡᠴᠡᠭ ᠂ ᠨᠡᠢᠭᠡᠮ ᠦ᠋ᠨ ᠰᠣᠶᠣᠯ ᠪᠣᠯᠪᠠᠰᠤᠨ ᠤ᠋ ᠬᠤᠪᠢᠯᠭᠠᠨ ᠴᠡᠴᠡᠭ᠃ ᠮᠢᠩᠭᠠᠨ ᠥᠩᠭᠡ ᠂ ᠲᠦᠮᠡᠨ ᠬᠡᠯᠪᠡᠷᠢ ᠪᠡᠷ ᠮᠢᠷᠠᠯᠵᠠᠨ ᠰᠣᠯᠣᠩᠭᠠᠷᠠᠵᠤ ᠂ ᠨᠡᠢᠭᠡᠮ ᠦ᠋ᠨ ᠬᠠᠪᠤᠷ ᠤ᠋ᠨ ᠬᠦᠯᠦᠭ ᠪᠣᠯᠳᠠᠭ ᠃
ᠲᠦᠮᠡᠨ ᠵᠢᠯ ᠦ᠋ᠨ ᠦᠨᠳᠦᠰᠦ ᠲᠡᠢ ᠂ ᠮᠢᠩᠭᠠᠨ ᠵᠢᠯ ᠦ᠋ᠨ ᠡᠰᠢ ᠲᠡᠢ ᠂ ᠵᠠᠭᠤᠨ ᠵᠢᠯᠤᠨ ᠨᠠᠪᠴᠢ ᠲᠠᠢ ᠂ ᠠᠷᠪᠠᠨ ᠵᠢᠯ ᠦ᠋ᠨ ᠴᠣᠮᠣᠷᠯᠢᠭ ᠲᠠᠢ ᠡᠨᠡᠬᠦ ᠡᠷᠬᠢᠮᠰᠦᠭ ᠴᠡᠴᠡᠭ ᠲᠡᠨᠢᠭᠦᠨ ᠰᠡᠳᠬᠢᠯ ᠦ᠋ᠨ ᠬᠥᠷᠥᠰᠥᠨ ᠡᠴᠡ ᠰᠠᠶᠢ ᠳᠡᠯᠭᠡᠷᠡᠵᠦ ᠂ ᠠᠭᠤᠵᠢᠮ ᠠᠮᠢᠰᠬᠤᠯ ᠤ᠋ᠨ ᠠᠭᠠᠷ ᠲᠤ᠌ ᠰᠠᠶᠢ ᠮᠦᠰᠢᠶᠡᠵᠦ ᠂ ᠬᠣᠷᠢᠭ᠎ᠠ ᠪᠠᠷᠢᠭ᠎ᠠ ᠦᠭᠡᠢ ᠣᠷᠴᠢᠨ ᠳ᠋ᠤ᠌ ᠰᠠᠶᠢ ᠳᠡᠯᠭᠡᠷᠡᠳᠡᠭ ᠃ ᠳᠡᠯᠭᠡᠷᠡᠯ ᠨᠢ ᠨᠡᠢᠭᠡᠮ ᠨᠡᠢᠲᠡ ᠶ᠋ᠢᠨ ᠢᠨᠢᠶᠡᠯ ᠢ᠋ᠶ᠋ᠡᠷ ᠯᠡ ᠢᠯᠡᠷᠡᠳᠡᠭ ᠂ ᠳᠠᠭᠤᠯᠠᠯ ᠢ᠋ᠶ᠋ᠠᠷ ᠯᠠ ᠮᠡᠳᠡᠭᠳᠡᠳᠡᠭ ᠂ ᠬᠠᠰᠬᠢᠷᠤᠯ ᠢ᠋ᠶ᠋ᠠᠷ ᠯᠠ ᠬᠠᠷᠠᠭᠳᠠᠳᠠᠭ ᠃
ᠡᠨᠡ ᠴᠡᠴᠡᠭ ᠴᠠᠰᠤ ᠮᠥᠰᠥᠨ ᠬᠦᠢᠲᠡᠨ ᠡᠴᠡ ᠯᠡ ᠠᠶᠤᠨ᠎ᠠ ᠂ ᠰᠠᠯᠬᠢᠨ ᠰᠢᠭᠤᠷᠭᠠᠨ ᠤ᠋ ᠰᠢᠳᠠᠮᠳᠠᠬᠤ ᠠ᠋ᠴᠠ ᠯᠠ ᠡᠮᠢᠶᠡᠨ᠎ᠡ ᠂ ᠭᠡᠰᠡᠷ ᠴᠣᠮᠣᠷᠯᠢᠭ ᠤ᠋ᠨ ᠬᠢᠨᠢ ᠳᠡᠯᠭᠡᠷᠡᠭᠡᠳ ᠢᠷᠡᠬᠦ ᠳ᠋ᠦ᠍ᠨᠢ ᠭᠡᠵᠢᠭᠡᠳᠡᠭᠡᠳ ᠠᠪᠬᠤ ᠠ᠋ᠴᠠ ᠯᠠ ᠵᠢᠷᠦᠬᠡᠰᠢᠶᠡᠨᠡ ᠃
ᠡᠨᠡᠬᠦ ᠴᠡᠴᠡᠭ ᠦᠨᠡᠬᠡᠷ ᠴᠣᠮᠣᠷᠯᠢᠭ ᠢ᠋ᠶ᠋ᠠᠨ ᠳᠡᠯᠭᠡᠵᠦ ᠪᠠᠢᠭ᠎ᠠ ᠶᠠᠩᠵᠤᠲᠠᠢ ᠪᠠᠶᠠᠷᠯᠠᠭᠠᠳ ᠢᠨᠢᠶᠡᠬᠦ ᠳ᠋ᠦ᠍ ᠂ ᠭᠣᠮᠣᠳᠠᠭᠠᠳ ᠤᠬᠢᠯᠠᠬᠤ ᠳ᠋ᠤ᠌ ᠂ ᠪᠤᠬᠢᠨᠢᠳᠤᠭᠠᠳ ᠬᠠᠰᠬᠢᠷᠬᠤ ᠳ᠋ᠤ᠌ ᠰᠡᠵᠢᠭᠯᠡᠭᠡ ᠬᠠᠷᠠᠳᠠᠯᠭ᠎ᠠ ᠂ ᠨᠣᠮᠯᠠᠯ ᠵᠢᠮᠡᠯᠡᠯ ᠠᠯᠢ ᠠᠯᠢᠨ ᠨᠢ ᠠᠯᠠᠭ᠎ᠠ ᠪᠠᠢᠬᠤ ᠪᠠᠷ ᠦᠵᠡᠪᠡᠯ ᠂ ᠥᠨᠥᠬᠢ ᠴᠡᠴᠡᠭ ᠮᠠᠨᠢ ᠦᠨᠡᠬᠡᠷ ᠳᠡᠯᠭᠡᠷᠡᠵᠦ ᠪᠠᠢᠭ᠎ᠠ ᠶ᠋ᠢ ᠢᠲᠡᠭᠡᠵᠦ ᠪᠣᠯᠤᠮᠠᠷ ᠪᠠᠢᠨ᠎ᠠ !
ᠰᠠᠢᠨ ᠰᠠᠨᠠᠭᠠᠲᠤ ᠬᠥᠮᠦᠰ ᠦ᠋ᠨ ᠠᠷᠤ ᠠ᠋ᠴᠠ ᠭᠡᠲᠡᠭᠰᠡᠨ ᠰᠡᠭᠦᠳᠡᠷ ᠰᠠᠷᠨᠢᠪᠠ ! ᠬᠠᠯᠠᠭᠤᠨ ᠰᠡᠳᠬᠢᠯᠳᠦ ᠳᠣᠭᠳᠣᠯᠤᠮ᠎ᠠ ᠶᠠᠷᠢᠶ᠎ᠠ ᠶ᠋ᠢ ᠨᠢᠭᠤᠴᠠ ᠪᠠᠷ ᠲᠡᠮᠳᠡᠭᠯᠡᠳᠡᠭ ᠮᠡᠷᠭᠡᠵᠢᠯᠲᠡᠨ ᠠᠵᠢᠯ ᠠᠯᠳᠠᠪᠠ ! ᠬᠥᠨᠵᠢᠯᠡ ᠳ᠋ᠡᠭᠡᠨ ᠯᠡ ᠦᠵᠡᠳᠡᠭ ᠨᠣᠮ ᠵᠣᠬᠢᠶᠠᠯ ᠤ᠋ᠳ ᠢ᠋ ᠬᠥᠳᠡᠭᠡ ᠭᠠᠳᠠᠭ᠎ᠠ ᠬᠥᠮᠦᠰ ᠦ᠋ᠨ ᠳᠤᠮᠳᠠ ᠳᠡᠯᠭᠡᠵᠦ ᠪᠠᠢᠬᠤ ᠬᠠᠷᠠᠭᠳᠠᠨ᠎ᠠ ᠃ ᠠᠮᠠᠨ ᠳ᠋ᠠᠭᠠᠨ ᠯᠠ ᠰᠢᠪᠡᠨᠡᠳᠡᠭ ᠨᠢᠭᠤᠴᠠ ᠲᠠᠷᠨᠢ ᠰᠢᠭ᠋ ᠵᠦᠢᠯ ᠦ᠋ᠳ ᠢ᠋ ᠠᠷᠠᠳ ᠣᠯᠠᠨ ᠤ᠋ ᠳᠤᠮᠳᠠ ᠶᠠᠷᠢᠯᠴᠠᠵᠤ ᠪᠠᠢᠬᠤ ᠳᠤᠭᠤᠯᠳᠠᠨ᠎ᠠ ᠃ ᠲᠡᠳᠡᠭᠡᠷ ᠬᠥᠮᠦᠰ ᠣᠨ ᠲᠡᠭᠡᠵᠦ ᠪᠠᠢᠭ᠎ᠠ ᠨᠢ ᠲᠣᠯᠣᠭᠠᠢ ᠳ᠋ᠠᠭᠠᠨ ᠬᠠᠢᠷ᠎ᠠ ᠦᠭᠡᠢ ᠳ᠋ᠡᠭᠡᠨ ᠪᠢᠰᠢ ᠬᠠᠷᠢᠨ ᠬᠠᠤᠯᠢ ᠭᠠᠤᠯᠢ ᠠ᠋ᠴᠠ ᠴᠢᠯᠥᠭᠡᠯᠡᠭᠳᠡᠭᠰᠡᠨ ᠢ᠋ ᠢᠲᠡᠭᠡᠭᠰᠡᠨ ᠳ᠋ᠡᠭᠡᠨ ᠲᠡᠷᠡ ᠃
ᠭᠠᠪᠠᠯᠠ ᠲᠣᠯᠣᠭᠠᠢ ᠮᠢᠨᠢ ᠭᠠᠷᠠᠬ᠎ᠠ ᠴᠠᠭᠠᠷᠢᠭ ᠠ᠋ᠴᠠ ᠰᠠᠯᠤᠭᠰᠠᠨ ᠪᠣᠯᠬᠣᠷ ᠪᠡᠶ᠎ᠡ ᠮᠢᠨᠢ ᠮᠢᠩᠭᠠᠨ ᠵᠢᠩ ᠦ᠋ᠨ ᠬᠦᠨᠳᠦ ᠶ᠋ᠢ ᠡᠷᠭᠦᠴᠢᠮᠡᠷ ᠂ ᠬᠥᠯ ᠮᠢᠨᠢ ᠮᠢᠩᠭᠠᠨ ᠠᠭᠤᠯᠠ ᠶ᠋ᠢ ᠬᠠᠷᠠᠢᠵᠤ ᠭᠠᠷᠤᠮ ᠬᠥᠩᠭᠡᠨ ᠰᠠᠨᠠᠭᠳᠠᠨ᠎ᠠ ᠃ ᠭᠠᠷ ᠢ᠋ᠶ᠋ᠠᠨ ᠬᠠᠶᠠᠯᠠᠭᠠᠳ ᠱᠠᠲᠤ ᠳᠠᠪᠠᠨ ᠠᠪᠠᠷᠢᠬᠤᠶ᠎ᠠ ᠡᠭᠦᠯᠡᠨ ᠳᠡᠭᠡᠭᠦᠷ ᠳᠠᠯᠠᠪᠴᠢ ᠪᠠᠨ ᠳᠡᠯᠭᠡᠭᠡᠳ ᠨᠢᠰᠴᠦ ᠪᠠᠢᠬᠤ ᠰᠢᠭ᠋ ᠃
ᠬᠦᠴᠢᠷ ᠪᠡᠷᠬᠡ ᠲᠡᠢ ᠨᠣᠴᠣᠯᠳᠤᠪᠠᠴᠤ ᠪᠠᠷᠢᠯᠳᠤᠵᠤ ᠪᠠᠢᠬᠤ ᠰᠢᠭ᠋ ᠰᠠᠢᠬᠠᠨ ᠂ ᠠᠷᠢᠭᠤᠨ ᠬᠥᠯᠥᠰᠥ ᠪᠡᠨ ᠠᠰᠬᠠᠪᠠᠴᠤ ᠪᠥᠵᠢᠭᠯᠡᠵᠦ ᠪᠠᠢᠬᠤ ᠰᠢᠭ᠋ ᠲᠡᠨᠢᠭᠦᠬᠡᠨ ᠂ ᠥᠴᠦᠬᠡᠨ ᠴᠦ᠍ ᠠᠯᠪᠠᠳᠠᠯᠭ᠎ᠠ ᠶ᠋ᠢᠨ ᠪᠠᠢᠳᠠᠯ ᠵᠠᠬᠢᠷᠤᠯ ᠤ᠋ᠨ ᠬᠡᠯᠪᠡᠷᠢ ᠳᠠᠷᠤᠯᠲᠠ ᠶ᠋ᠢᠨ ᠰᠢᠨᠵᠢ ᠠᠯᠠᠭ᠎ᠠ !
ᠤᠨᠲᠠᠪᠠᠴᠤ ᠬᠠᠷ᠎ᠠ ᠳᠠᠷᠤᠬᠤ ᠪᠠᠨ ᠪᠣᠯᠢᠪᠠ ! ᠠᠯᠬᠤᠪᠠᠴᠤ ᠪᠣᠷᠪᠢ ᠪᠠᠨ ᠴᠢᠷᠬᠦ ᠪᠡᠨ ᠪᠣᠯᠢᠪᠠ ! ᠵᠠᠵᠢᠯᠤᠭᠰᠠᠨ ᠬᠣᠭᠣᠯᠠ ᠪᠦᠳᠦᠭᠦᠯᠢᠭ ᠠᠮᠤ ᠴᠤ᠌ ᠰᠢᠬᠢᠷ ᠲᠡᠢ ᠰᠢᠬ ᠂ ᠪᠠᠯᠭᠤᠭᠰᠠᠨ ᠤᠮᠳᠠ ᠬᠠᠷ᠎ᠠ ᠤᠰᠤ ᠴᠤ᠌ ᠪᠠᠯ ᠲᠠᠢ ᠰᠢᠬ ; ᠬᠠᠮᠲᠤ ᠵᠠᠭᠤᠷ᠎ᠠ ᠪᠠᠨ ᠬᠠᠷᠰᠢᠯ ᠦᠭᠡᠢ ᠬᠠᠯᠠᠭᠤᠨ ᠳᠣᠲᠣᠨᠣ ᠰᠠᠳᠤᠨ ᠰᠢᠭ᠋ ᠃
ᠡᠳᠦᠷ ᠲᠦ᠍ ᠠᠷᠪᠠ ᠠᠲᠤᠷᠢᠳᠠᠭ ᠬᠥᠮᠥᠰᠬᠡ ᠮᠢᠨᠢ ᠥᠨᠥᠳᠥᠷ ᠪᠦᠷ ᠲᠡᠨᠢᠢᠬᠦ ᠶ᠋ᠢᠨ ᠵᠦᠭ ᠲᠦ᠍ ᠬᠠᠨᠳᠤᠪᠠ ᠂ ᠬᠠᠷᠢᠶᠠᠯ ᠵᠦᠬᠡᠯ ᠦ᠋ᠨ ᠪᠦᠳᠦᠭᠦᠯᠢᠭ ᠦᠭᠡᠰ ᠢ᠋ ᠲᠣᠳᠢ ᠰᠢᠭ᠋ ᠴᠡᠭᠡᠵᠢᠯᠡᠳᠡᠭ ᠤᠷᠤᠭᠤᠯ ᠮᠢᠨᠢ ᠬᠠᠮᠤᠭ ᠤ᠋ᠨ ᠳᠤᠷᠠᠲᠠᠢ ᠳᠠᠭᠤᠤ ᠪᠠᠨ ᠤᠶᠠᠩᠭᠠᠯᠠᠳᠠᠭ ᠪᠣᠯᠪᠠ ᠃
ᠣᠶᠤᠨ ᠰᠠᠨᠠᠭᠠᠨ ᠤ᠋ ᠣᠷᠬᠣᠳᠠᠢ ᠶ᠋ᠢᠨ ᠴᠡᠴᠡᠭ ᠮᠢᠨᠢ ᠳᠡᠯᠭᠡᠷᠡᠯ᠎ᠡ! ᠥᠨᠢᠷ ᠲᠦᠮᠡᠨ ᠮᠢᠨᠢ ᠥᠭᠡᠷ᠎ᠡ ᠶᠠᠭᠤ ᠶ᠋ᠢ ᠴᠦ᠍ ᠭᠣᠷᠢᠳᠠᠬᠤ ᠦᠭᠡᠢ ᠥᠨᠢᠳᠡ ᠳᠡᠯᠭᠡᠷᠡᠬᠦ ᠶ᠋ᠢ ᠨᠢ ᠯᠡ ᠬᠦᠰᠡᠨ᠎ᠡ!
1979.9
