ᠭᠢᠯᠪᠡᠭᠡᠨ - ᠯᠢᠭᠳᠡᠨ Гилбээн - Лигдэн
ᠭᠢᠯᠪᠡᠭᠡᠨ
ᠠᠭᠤᠯᠠ ᠲᠠᠯ᠎ᠠ ᠶ᠋ᠢᠨ ᠴᠠᠰᠤ ᠬᠠᠭᠵᠠᠷᠠᠵᠤ ᠤᠰᠤ ᠨᠠᠮᠤᠭ ᠤ᠋ᠨ ᠮᠥᠰᠥ ᠬᠠᠢᠯᠤᠭᠠᠳ ᠮᠣᠩᠭᠣᠯ ᠭᠠᠵᠠᠷ ᠤ᠋ᠨ ᠠᠯᠲᠠᠨ ᠰᠢᠷᠭᠠᠯ ᠬᠡᠪᠢᠰ ᠠᠭᠠᠵᠢᠮ ᠢ᠋ᠶ᠋ᠠᠷ ᠰᠡᠷᠭᠦᠯᠡᠩ ᠨᠣᠭᠣᠭᠠᠨ ᠥᠭᠡᠳᠡᠩ ᠢ᠋ᠶ᠋ᠡᠷ ᠰᠣᠯᠢᠭᠳᠠᠬᠤ ᠦᠶ᠎ᠡ ᠳ᠋ᠦ᠍ ᠬᠠᠩᠰᠢ ᠪᠣᠯᠤᠭᠰᠠᠨ ᠢ᠋ ᠲᠡᠭᠷᠢ ᠮᠡᠳᠡᠭᠳᠡᠪᠡ ᠃
ᠬᠠᠩᠰᠢᠨ ᠤ᠋ ᠪᠣᠷᠣᠭᠠᠨ ᠬᠠᠮᠤᠭ ᠤ᠋ᠨ ᠰᠠᠢᠨ ᠭᠡᠵᠦ ᠮᠠᠯᠴᠢᠳ ᠬᠡᠯᠡᠳᠡᠭ ᠃
ᠡᠨᠡ ᠡᠳᠦᠷ ᠬᠠᠩᠰᠢ ᠪᠣᠯᠵᠤ ᠬᠥᠮᠦᠰ ᠦ᠋ᠨ ᠰᠡᠳᠬᠢᠯ ᠳ᠋ᠦ᠍ ᠣᠨᠴᠣᠭᠣᠢ ᠪᠠᠶᠠᠷᠲᠠᠢ ᠰᠠᠨᠠᠭᠳᠠᠨ᠎ᠠ ᠃
ᠠᠭᠠᠷ ᠲᠡᠭᠷᠢ ᠳ᠋ᠦ᠍ ᠬᠠᠷ᠎ᠠ ᠡᠭᠦᠯᠡ ᠪᠦᠷᠬᠦᠵᠦ ᠬᠥᠮᠦᠰ ᠦ᠋ᠨ ᠬᠦᠰᠡᠯ ᠢ᠋ᠶ᠋ᠡᠷ ᠪᠣᠷᠣᠭᠠᠨ ᠣᠷᠣᠬᠤ ᠶᠠᠩᠵᠤ ᠲᠠᠢ᠃ ᠠᠮᠢᠯᠠᠯ ᠤ᠋ᠨ ᠦᠷ᠎ᠡ ᠬᠥᠷᠥᠰᠥᠨ ᠳᠣᠣᠷ᠎ᠠ ᠪᠠᠢᠪᠠᠴᠤ ᠠᠮᠢᠯᠠᠯ ᠤ᠋ᠨ ᠬᠤᠷ᠎ᠠ ᠷᠠᠰᠢᠶᠠᠨ ᠦᠭᠡᠢ ᠪᠣᠯ ᠬᠠᠭᠤᠷᠠᠢ ᠠᠮᠢᠰᠬᠤᠯ ᠳ᠋ᠤ᠌ ᠮᠠᠩᠰᠢᠭᠤᠷᠠᠨ ᠤᠨᠲᠠᠭᠠᠳ ᠪᠣᠰᠴᠤ ᠴᠢᠳᠠᠬᠤ ᠦᠭᠡᠢ ᠶᠦ᠍ᠮ !
ᠠᠭᠠᠷ ᠳᠡᠭᠡᠭᠦᠷ ᠪᠣᠷᠣᠭᠠᠨ ᠤ᠋ ᠡᠭᠦᠯᠡ ᠪᠦᠷᠬᠦᠵᠦ ᠨᠠᠷᠠ ᠶ᠋ᠢ ᠬᠠᠯᠠᠭᠯᠠᠭᠰᠠᠨ ᠴᠤ᠌ ᠬᠥᠮᠦᠰ ᠬᠦᠰᠡᠯᠡᠩ ᠦ᠋ᠨ ᠬᠠᠷᠠᠴᠠ ᠪᠠᠨ ᠡᠭᠦᠯᠡᠨ ᠳᠡᠭᠡᠷ᠎ᠡ ᠮᠡᠯᠡᠷᠡᠲᠡᠯᠡ ᠳᠤᠰᠬᠠᠨ᠎ᠠ ᠃ ᠬᠠᠷ᠎ᠠ ᠡᠭᠦᠯᠡ ᠶ᠋ᠢ ᠮᠣᠩᠭᠣᠯᠴᠤᠳ ᠷᠠᠰᠢᠶᠠᠨ ᠪᠣᠳᠣᠩ ᠲᠠᠢ ᠠᠴᠢᠶ᠎ᠠ ᠬᠥᠰᠬᠡ ᠭᠡᠳᠡᠭ ᠃ ᠲᠡᠭᠡᠪᠡᠯ ᠭᠢᠯᠪᠡᠬᠡᠨ ᠨᠢ ᠴᠣᠬᠣᠮ ᠶᠠᠭᠤ ᠪᠣᠯᠤᠭ᠎ᠠ ᠪᠣᠢ ? ᠭᠢᠯᠪᠡᠬᠡᠨ ᠶᠠᠭ ᠯᠠ ᠠᠯᠲᠠᠨ ᠰᠠᠮᠳᠠᠰᠦ ᠪᠤᠶᠤ ᠠᠯᠲᠠᠨ ᠵᠢᠷᠤᠭᠠᠰᠤ ᠰᠢᠭ᠋ ᠬᠠᠷᠠᠭᠳᠠᠭᠠᠳ ᠪᠠᠢᠨ᠎ᠠ ᠰᠢᠳᠡ ᠁
ᠬᠠᠷ᠎ᠠ ᠡᠭᠦᠯᠡᠨ ᠦ᠌ ᠬᠠᠷᠠᠮᠴᠢ ᠡᠵᠡᠨ ᠨᠢ ᠷᠠᠰᠢᠶᠠᠨ ᠪᠣᠳᠣᠩ ᠲᠠᠢ ᠰᠠᠷᠬᠤᠳ ᠢ᠋ᠶ᠋ᠠᠨ ᠯᠤᠤᠰ ᠤ᠋ᠨ ᠬᠠᠭᠠᠨ ᠤ᠋ ᠬᠤᠷᠢᠮ ᠤ᠋ᠨ ᠰᠢᠷᠡᠭᠡᠨ ᠳ᠋ᠦ᠍ ᠬᠦᠷᠭᠡᠬᠦ ᠪᠡᠷ ᠨᠣᠭᠲᠣ ᠬᠠᠵᠠᠭᠠᠷ ᠦᠭᠡᠢ ᠨᠣᠬᠠᠢ ᠬᠥᠯᠦᠭᠰᠡᠨ ᠲᠡᠷᠭᠡ ᠭᠡᠯᠢᠨ ᠬᠤᠷᠳᠤᠯᠠᠬᠤ ᠳ᠋ᠤ᠌ ᠠᠯᠲᠠᠨ ᠰᠦᠮᠪᠦᠷ ᠠᠭᠤᠯᠠᠨ ᠳᠡᠭᠡᠷ᠎ᠡ ᠡᠴᠡ ᠬᠠᠷᠠᠵᠤ ᠵᠣᠭᠰᠣᠭᠰᠠᠨ ᠥᠨᠥᠴᠢᠨ ᠬᠥᠪᠡᠭᠦᠨ ᠬᠠᠩᠭᠠᠢ ᠨᠤᠲᠤᠭ ᠲᠤ᠌ ᠮᠠᠨᠢ ᠬᠠᠷ᠎ᠠ ᠰᠡᠭᠦᠳᠡᠷ ᠢ᠋ᠶ᠋ᠡᠨ ᠳᠤᠰᠬᠠᠭᠠᠳ ᠬᠠᠩᠬᠤᠯᠤᠭᠰᠠᠨ ᠴᠢᠭᠢᠭ ᠢ᠋ ᠨᠢ ᠴᠦ᠍ ᠦᠨᠦᠷᠲᠦᠭᠦᠯᠬᠦ ᠦᠭᠡᠢ ᠥᠩᠭᠡᠷᠡᠬᠦ ᠨᠢ ᠪᠠᠢᠨ᠎ᠠ ᠰᠢᠦ ᠭᠡᠳ ᠬᠢᠯᠢᠩ ᠲᠥᠷᠥᠵᠦ ᠂ ᠬᠠᠷ᠎ᠠ ᠡᠭᠦᠯᠡᠨ ᠬᠥᠰᠬᠡ ᠳᠡᠭᠡᠷ᠎ᠡ ᠨᠢ ᠬᠠᠷᠪᠤᠭᠰᠠᠨ ᠰᠤᠮᠤ ᠰᠢᠭ᠋ ᠦᠰᠦᠷᠦᠨ ᠭᠠᠷᠴᠤ ᠬᠠᠷᠠᠮᠴᠢ ᠡᠵᠡᠨ ᠲᠡᠢ ᠨᠢ ᠮᠠᠷᠭᠤᠯᠳᠤᠨ ᠷᠠᠰᠢᠶᠠᠨ ᠪᠣᠳᠣᠩ ᠢ᠋ ᠨᠢ ᠠᠯᠲᠠᠨ ᠰᠡᠯᠡᠮ᠎ᠡ ᠪᠡᠷ ᠢ᠋ᠶ᠋ᠡᠨ ᠬᠠᠭ᠎ᠠ ᠴᠠᠪᠴᠢᠬᠤ ᠳ᠋ᠤ᠌ ᠠᠯᠲᠠᠨ ᠴᠠᠪᠠ ᠭᠠᠷᠤᠨ –– ᠠᠯᠲᠠᠨ ᠵᠢᠷᠤᠭᠠᠰᠤ ᠲᠡᠳᠡᠨ ᠭᠢᠯᠪᠡᠳᠡᠭ ᠭᠡᠨ᠎ᠡ ᠃
ᠷᠠᠰᠢᠶᠠᠨ ᠨᠢ ᠴᠦ᠍ ᠮᠡᠳᠡᠭᠡᠵᠢ ᠪᠡᠷ ᠭᠠᠵᠠᠷ ᠤ᠋ᠨ ᠬᠥᠯᠥᠰᠥ ᠪᠡᠷ ᠭᠠᠵᠠᠷ ᠤ᠋ᠨ ᠪᠦᠷᠬᠦᠬᠡᠷ ᠲᠦ᠍ ᠨᠡᠷᠡᠭᠰᠡᠨ ᠭᠠᠢᠬᠠᠮᠰᠢᠭᠲᠤ ᠠᠷᠠᠵᠠ ᠶ᠋ᠢᠨ ᠳᠡᠭᠡᠵᠢ ᠶᠦ᠍ᠮ ᠃
ᠨᠢᠳᠤᠨᠤᠨ ᠨᠠᠮᠤᠷ ᠡᠴᠡ ᠨᠡᠰᠢ ᠠᠩᠬ᠎ᠠ ᠤᠳᠠᠭ᠎ᠠ ᠬᠤᠷ᠎ᠠ ᠶ᠋ᠢᠨ ᠰᠢᠮ᠎ᠡ ᠶ᠋ᠢ ᠬᠦᠷᠲᠡᠬᠦ ᠭᠡᠵᠦ ᠪᠠᠢᠭ᠎ᠠ ᠬᠥᠷᠥᠰᠥᠲᠦ ᠳᠡᠯᠡᠬᠡᠢ ᠠᠩᠭᠠᠭᠰᠠᠨ ᠪᠠᠢᠳᠠᠯ ᠢ᠋ᠶ᠋ᠠᠷ ᠬᠦᠯᠢᠶᠡᠨ᠎ᠡ ᠃ ᠮᠠᠯ ᠰᠦᠷᠦᠭ ᠡᠪᠦᠯ ᠢ᠋ ᠮᠡᠨᠳᠦ ᠭᠡᠲᠦᠯᠦᠭᠰᠡᠨ ᠡᠴᠡ ᠣᠨᠳᠣᠷᠣᠯ ᠤ᠋ᠨ ᠡᠷᠡᠮᠡᠯᠵᠡᠯᠡᠯ ᠲᠡᠢ ᠪᠣᠯᠤᠭᠠᠳ ᠬᠠᠭᠤᠴᠢᠨ ᠦᠰᠦ ᠪᠡᠨ ᠭᠤᠤᠵᠢᠵᠤ ᠰᠢᠨ᠎ᠡ ᠰᠣᠷᠭᠣᠭ ᠰᠤᠷᠯᠢᠭ ᠨᠠᠷᠢᠨ ᠨᠣᠯᠤᠤᠷ ᠲᠠᠢ ᠪᠣᠯᠬᠤ ᠶ᠋ᠢ ᠲᠡᠰᠬᠦ ᠠᠯᠳᠠᠷᠠᠨ ᠬᠦᠯᠢᠶᠡᠨ᠎ᠡ ᠃
ᠡᠬᠡ ᠳᠡᠯᠡᠬᠡᠢ ᠠᠩᠬᠠᠨ ᠤ᠋ ᠠᠶᠤᠩᠭ᠎ᠠ ᠶ᠋ᠢ ᠰᠣᠨᠣᠷᠳᠠᠬᠤ ᠪᠣᠯᠵᠠᠢ ᠃ ᠲᠡᠷᠡ ᠪᠣᠯ ᠲᠦᠮᠡᠨ ᠪᠣᠳᠠᠰ ᠤ᠋ᠨ ᠲᠦᠷᠦᠯᠲᠡ ᠶ᠋ᠢᠨ ᠦᠪᠡᠳᠡᠭᠰᠢ ᠶᠡᠬᠡ ᠶᠣᠰᠣᠯᠠᠯ ᠤ᠋ᠨ ᠬᠡᠩᠭᠡᠷᠭᠡ ᠪᠣᠯᠳᠠᠭ ᠪᠥᠭᠡᠳ ᠲᠡᠭᠷᠢ ᠡᠴᠡ ᠲᠦᠮᠡᠨ ᠪᠣᠳᠠᠰ ᠢ᠋ ᠲᠦᠭᠡᠮᠡᠯ ᠰᠡᠷᠭᠦᠯᠲᠡ ᠳ᠋ᠦ᠍ ᠳᠠᠭᠤᠳᠠᠳᠠᠭ ᠬᠠᠷᠠᠩᠭ᠎ᠠ ᠨᠢ ᠴᠦ᠍ ᠪᠣᠯᠳᠠᠭ ᠠᠵᠢ ᠃
ᠠᠭᠠᠷ ᠳᠡᠭᠡᠷ᠎ᠡ ᠠᠯᠲᠠᠨ ᠰᠢᠷᠬᠡᠭ ᠬᠡᠢᠰᠦᠭᠰᠡᠨ ᠮᠡᠲᠦ ᠭᠢᠯᠪᠡᠬᠡᠨ ᠭᠢᠯᠪᠠᠯᠠ ᠃
ᠭᠱᠠᠨ ᠵᠠᠭᠤᠷ᠎ᠠ ᠪᠦᠬᠦ ᠣᠭᠲᠠᠷᠭᠤᠢ ᠶ᠋ᠢ ᠥᠪᠴᠢ ᠭᠡᠢᠭᠦᠯᠵᠦ ᠬᠠᠷᠠᠩᠭᠤᠢ ᠳ᠋ᠤ᠌ ᠨᠢᠭᠤᠭᠳᠠᠭᠰᠠᠨ ᠶᠠᠭᠤᠮ᠎ᠠ ᠶ᠋ᠢᠨ ᠨᠢᠭᠤᠷ ᠴᠢᠷᠠᠢ ᠶ᠋ᠢ ᠲᠣᠪ ᠲᠣᠳᠣᠷᠬᠠᠢ ᠢᠯᠡᠷᠡᠭᠦᠯᠦᠨ ᠠᠯᠲᠠᠨ ᠳᠡᠯᠡᠬᠡᠢ ᠶ᠋ᠢ ᠰᠡᠷᠢᠭᠡᠬᠦ ᠬᠠᠷᠠᠩᠭ᠎ᠠ –– ᠪᠣᠳᠣᠩ ᠴᠠᠪᠴᠢᠬᠤ ᠳᠠᠭᠤᠨ ᠳᠡᠯᠡᠬᠡᠢ ᠶ᠋ᠢ ᠳᠣᠷᠭᠢᠲᠠᠯ᠎ᠠ ᠨᠢᠵᠢᠭᠢᠨᠡᠨ᠎ᠡ ᠃ ᠮᠠᠯᠴᠢᠳ ᠴᠤ᠌ ᠵᠡᠭᠦᠷᠮᠡᠭ ᠪᠠᠢᠳᠠᠯ ᠠ᠋ᠴᠠ ᠪᠠᠨ ᠰᠣᠴᠢᠨ ᠰᠡᠷᠢᠬᠦ ᠮᠡᠲᠦ ᠡᠭᠦᠳᠡ ᠪᠡᠷ ᠢ᠋ᠶ᠋ᠡᠨ ᠭᠢᠯᠪᠡᠬᠡᠨᠳᠤ ᠲᠡᠭᠷᠢ ᠶ᠋ᠢ ᠬᠠᠷᠠᠨ᠎ᠠ ᠃ ᠣᠨᠴᠠ ᠵᠠᠷᠢᠮ ᠰᠦᠵᠢᠭ ᠶᠡᠬᠡᠲᠡᠢ ᠡᠮᠡᠭᠡᠳ ᠦ᠋ᠨ ᠪᠤᠷᠬᠠᠨ ᠳ᠋ᠤ᠌ ᠵᠤᠯᠠ ᠪᠠᠷᠢᠨ 《ᠲᠡᠭᠷᠢ ᠥᠷᠥᠰᠢᠶᠡ 》 ᠭᠡᠮᠡᠨ ᠵᠠᠯᠪᠠᠷᠢᠵᠤ ᠪᠣᠳᠣᠩ ᠴᠠᠪᠴᠢᠵᠤ ᠪᠠᠢᠭ᠎ᠠ ᠵᠠᠯᠠᠭᠤ ᠶ᠋ᠢᠨ ᠬᠣᠢᠨᠠᠡᠴᠡ ᠮᠠᠨᠢ ᠤᠩᠰᠢᠨ ᠳᠠᠭᠠᠳᠬᠠᠵᠤ ᠪᠠᠢᠬᠤ ᠶ᠋ᠢ ᠭᠠᠷᠭᠠᠪᠠᠯ ᠬᠥᠮᠦᠨ ᠪᠦᠬᠦᠨ ᠳ᠋ᠦ᠍ ᠪᠤᠯᠴᠢᠩ ᠰᠢᠷᠪᠥᠰᠥ ᠡᠷᠴᠢᠯᠡᠨ ᠮᠡᠳᠡᠷᠡᠯ ᠦ᠋ᠨ ᠰᠢᠷᠬᠡᠭ ᠪᠦᠷᠢ ᠨᠢ ᠨᠣᠢᠷ ᠠ᠋ᠴᠠ ᠪᠠᠨ ᠰᠡᠷᠢᠵᠦ ᠡᠪᠰᠢᠶᠡᠯᠭᠡᠭᠰᠡᠨ ᠶᠠᠳᠠᠷᠠᠭ᠎ᠠ ᠨᠢ ᠲᠠᠢᠯᠤᠭᠳᠠᠭᠠᠳ᠂ ᠬᠡᠦᠬᠡᠳ ᠦ᠋ᠳ ᠠᠩᠬᠠᠨ ᠤ᠋ ᠪᠣᠷᠣᠭᠠᠨ ᠢ᠋ ᠰᠣᠨᠢᠷᠬᠠᠨ ᠲᠣᠯᠣᠭᠠᠢ ᠨᠢᠴᠦᠭᠦᠨ ᠭᠦᠶᠦᠵᠦ ᠭᠠᠷᠤᠭᠠᠳ ᠲᠤᠭᠤᠯ ᠤ᠋ᠨ ᠬᠠᠰᠢᠶ᠎ᠠ ᠶ᠋ᠢ ᠡᠷᠭᠢᠵᠦ ᠢᠷᠡᠬᠦ ᠳ᠋ᠡᠭᠡᠨ ᠵᠤᠯᠪᠠᠢᠳᠠᠯᠠ ᠨᠣᠷᠤᠭᠰᠠᠨ ᠴᠤ᠌ ᠴᠣᠪᠣᠭᠣ ᠬᠥᠭᠡᠷᠦᠬᠦᠨ ᠬᠠᠷᠠᠭᠳᠠᠨ᠎ᠠ᠃ ᠠᠳᠤᠭᠤᠴᠢᠨ ᠴᠤᠪᠠ ᠪᠠᠨ ᠡᠮᠦᠰᠦᠨ ᠠᠳᠤᠭᠤ ᠪᠠᠨ ᠡᠷᠭᠢᠬᠦ ᠪᠡᠷ ᠮᠣᠷᠳᠠᠬᠤ ᠨᠢ ᠳᠡᠯᠪᠡᠯᠵᠡᠨ ᠪᠠᠢᠪᠠᠴᠤ ᠰᠦᠷᠯᠢᠭ ᠵᠢᠪᠬᠤᠯᠠᠩ ᠲᠠᠢ ᠬᠠᠷᠠᠭᠳᠠᠨ᠎ᠠ ᠃ ᠪᠡᠷᠢᠶᠡᠳ ᠰᠢᠷᠬᠤᠨᠠᠭ ᠢ᠋ᠶ᠋ᠠᠨ ᠰᠢᠭᠤᠵᠤ ᠱᠠᠯᠪᠠᠭ ᠳᠤᠮᠳᠠᠭᠤᠷ ᠰᠠᠭᠤᠯᠠᠭ᠎ᠠ ᠳᠡᠭᠦᠵᠢᠯᠡᠨ ᠦᠨᠢᠶ᠎ᠡ ᠰᠠᠭᠠᠭᠰᠠᠭᠠᠷ ᠤᠰᠤᠨ ᠬᠤᠯᠤᠭᠠᠨ᠎ᠠ ᠰᠢᠭ᠋ ᠪᠣᠯᠤᠭᠰᠠᠨ ᠴᠤ᠌ ᠦᠵᠡᠰᠬᠦᠯᠡᠩ ᠲᠡᠢ ᠬᠠᠷᠠᠭᠳᠠᠨ᠎ᠠ ᠃
ᠭᠢᠯᠪᠡᠬᠡᠨ ᠭᠢᠯᠠᠰ ᠭᠢᠯᠠᠰ ᠴᠠᠬᠢᠯᠤᠨᠠ ᠃ ᠠᠶᠤᠩᠭ᠎ᠠ ᠠᠷᠤ ᠠᠷᠤ ᠠ᠋ᠴᠠ ᠪᠠᠨ ᠨᠢᠵᠢᠭᠢᠨᠡᠨ᠎ᠡ᠃ ᠠᠭᠠᠷ ᠳᠡᠭᠡᠷ᠎ᠡ ᠠᠪᠤᠷᠭᠤ ᠰᠦᠷᠯᠢᠭ ᠬᠦᠴᠦᠨ ᠲᠡᠢ ᠪᠠᠢᠯᠳᠤᠭᠠᠨ ᠪᠣᠯᠵᠤ ᠪᠠᠢᠭ᠎ᠠ ᠰᠢᠭ᠋ ᠲᠠᠰᠤᠷᠠᠯᠲᠠ ᠦᠭᠡᠢ ᠨᠢᠵᠢᠭᠢᠨᠡᠨ ᠮᠠᠯᠴᠢᠳ ᠤ᠋ᠨ ᠠᠩᠬᠠᠷᠤᠯ ᠢ᠋ ᠲᠠᠲᠠᠨ᠎ᠠ ᠃ ᠬᠥᠮᠦᠰ ᠬᠡᠳᠦᠢᠪᠡᠷ ᠳᠠᠭᠠᠷᠠᠳᠠᠰᠤ ᠬᠥᠳᠡᠯᠪᠡᠴᠦ ᠠᠶᠤᠩᠭ᠎ᠠ ᠭᠢᠯᠪᠡᠬᠡᠨ ᠡᠴᠡ ᠠᠶᠠᠭ᠎ᠠ ᠪᠠᠨ ᠲᠣᠰᠣᠨ ᠷᠠᠰᠢᠶᠠᠨ ᠬᠦᠰᠡᠭᠰᠡᠨ ᠬᠠᠷᠠᠴᠠ ᠪᠠᠷ ᠠᠭᠠᠷ ᠢ᠋ ᠰᠢᠷᠳᠡᠨ᠎ᠡ ᠃
ᠬᠠᠨᠠᠭᠠᠷ ᠣᠭᠲᠠᠷᠭᠤᠢ ᠳ᠋ᠤ᠌ ᠬᠠᠷᠠᠩᠭ᠎ᠠ ᠰᠢᠭ᠋ ᠳᠤᠤᠭᠠᠷᠤᠭᠰᠠᠨ ᠠᠶᠤᠩᠭ᠎ᠠ ᠭᠢᠯᠪᠡᠬᠡᠨ ᠠᠯᠲᠠᠨ ᠴᠠᠪᠠ ᠭᠠᠷᠲᠠᠯ᠎ᠠ ᠨᠢᠵᠢᠭᠢᠨᠡᠭᠰᠡᠭᠡᠷ ᠪᠠᠢᠭᠠᠳ ᠠᠯᠢᠪᠠ ᠪᠣᠳᠠᠰ ᠢ᠋ ᠤᠮᠳᠠᠯᠠᠨ ᠠᠮᠢᠯᠠᠭᠤᠯᠤᠭᠴᠢ ᠷᠠᠰᠢᠶᠠᠨ ᠬᠤᠷ᠎ᠠ ᠶ᠋ᠢ ᠳᠡᠯᠡᠬᠡᠢ ᠳ᠋ᠦ᠍ ᠪᠠᠭᠤᠯᠭᠠᠵᠠᠢ ᠃ ᠤᠷᠭᠤᠮᠠᠯ ᠤ᠋ᠨ ᠰᠣᠶᠣᠭ᠎ᠠ ᠮᠠᠨᠳᠤᠯᠠᠨ ᠴᠤᠬᠤᠢᠵᠤ ᠠᠮᠢᠲᠠᠨ ᠤ᠋ ᠦᠰᠦ ᠭᠤᠤᠵᠢᠵᠤ ᠠᠯᠢᠪᠠ ᠪᠦᠬᠦᠨ ᠰᠡᠷᠭᠦᠵᠦ ᠵᠢᠰᠦ ᠴᠢᠷᠠᠢ ᠪᠠᠨ ᠤᠬᠢᠶᠠᠭᠠᠳ ᠭᠠᠵᠠᠷ ᠤ᠋ᠨ ᠥᠩᠭᠡ ᠰᠢᠨ᠎ᠡ ᠪᠣᠳᠣᠭ ᠲᠠᠢ ᠪᠣᠯᠵᠤ ᠠᠭᠤᠷ ᠠᠮᠢᠰᠬᠤᠯ ᠴᠢᠭᠢᠭ ᠦ᠋ᠨ ᠦᠨᠦᠷ ᠢ᠋ᠶ᠋ᠡᠷ ᠪᠢᠯᠬᠠᠯᠠᠨ ᠰᠠᠢᠨ ᠰᠠᠢᠬᠠᠨ ᠤ᠋ ᠡᠷᠡᠮᠡᠯᠵᠡᠯᠡᠯ ᠲᠡᠢ ᠪᠠᠢᠳᠠᠯ ᠢ᠋ ᠰᠠᠨᠠᠭᠳᠠᠭᠤᠯᠤᠨ᠎ᠠ ᠃ ᠪᠣᠷᠣᠭᠠᠨ ᠤ᠋ ᠪᠣᠳᠣᠩ ᠪᠢᠰᠢ ᠬᠠᠷᠢᠨ ᠪᠣᠳᠣᠭ ᠤ᠋ᠨ ᠪᠣᠳᠣᠩ ᠢ᠋ ᠬᠠᠭ᠎ᠠ ᠴᠠᠪᠴᠢᠭᠠᠳ ᠨᠣᠭᠣᠭᠠᠨ ᠪᠣᠳᠣᠭ ᠢ᠋ ᠨᠢ ᠠᠰᠬᠠᠴᠢᠬᠠᠬᠤ ᠰᠢᠭ᠋ ᠪᠣᠯᠤᠯ᠎ᠠ ᠃
ᠠᠷᠤ ᠭᠠᠵᠠᠷ ᠤ᠋ᠨ ᠥᠩᠭᠡ ᠬᠡᠳᠦᠨ ᠬᠣᠨᠣᠭ ᠤ᠋ᠨ ᠳᠠᠷᠠᠭ᠎ᠠ ᠨᠣᠪ ᠨᠣᠭᠣᠭᠠᠨ ᠁
ᠤᠤᠯ ᠨᠢ ᠨᠣᠭᠣᠭᠠᠨ ᠪᠣᠳᠣᠭ ᠢ᠋ ᠯᠡ ᠠᠰᠬᠠᠭᠰᠠᠨ ᠪᠢᠰᠢ ᠤᠯᠠᠭᠠᠨ ᠪᠣᠳᠣᠭ ᠢ᠋ ᠴᠦ᠍ ᠰᠦᠷᠴᠢᠭᠰᠡᠨ ᠠᠵᠢ᠄
ᠨᠣᠭᠣᠭᠠᠨ ᠲᠠᠯ᠎ᠠ ᠪᠠᠷ ᠤᠯᠠᠭᠠᠨ ᠴᠡᠴᠡᠭ ᠳᠡᠯᠭᠡᠷᠡᠵᠡᠢ! ᠶᠠᠭᠤᠲᠠᠢ ᠠᠭᠤᠤ ᠵᠢᠪᠬᠤᠯᠠᠩᠲᠤ ᠂ ᠨᠢᠯᠪᠤᠰᠤ ᠤᠨᠠᠭᠠᠯᠲᠠᠢ ᠦᠵᠡᠮᠵᠢ ᠪᠣᠢ!
1982 ᠣᠨ ᠤ᠋ ᠬᠠᠪᠤᠷ ᠪᠡᠭᠡᠵᠢᠩ ᠳ᠋ᠦ᠍
