ᠪᠦᠯᠬᠦᠮᠳᠡᠯ ᠪᠦᠬᠦᠨ ᠡᠴᠡ ᠰᠠᠢᠬᠠᠨ - ᠯᠢᠭᠳᠡᠨ Бүлхэмдэл бүхнээс сайхан - Лигдэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠯᠬᠦᠮᠳᠡᠯ ᠪᠦᠬᠦᠨ ᠡᠴᠡ ᠰᠠᠢᠬᠠᠨ - ᠯᠢᠭᠳᠡᠨ Бүлхэмдэл бүхнээс сайхан - Лигдэн

ᠪᠦᠯᠬᠦᠮᠳᠡᠯ ᠪᠦᠬᠦᠨ ᠡᠴᠡ ᠰᠠᠢᠬᠠᠨ - ᠯᠢᠭᠳᠡᠨ Бүлхэмдэл бүхнээс сайхан - Лигдэн

2023-06-15

275

ᠪᠦᠯᠬᠦᠮᠳᠡᠯ ᠪᠦᠬᠦᠨ ᠡᠴᠡ ᠰᠠᠢᠬᠠᠨ


                            ᠰᠠᠷᠠᠭᠤᠯ ᠤ᠋ᠨ ᠰᠤᠷᠪᠤᠯᠵᠢ ᠨᠢ ᠨᠠᠷᠠᠨ ᠳ᠋ᠤ᠌ ᠪᠣᠢ 
                            ᠰᠠᠢᠬᠠᠨ ᠤ᠋ ᠴᠥᠮ᠎ᠡ ᠨᠢ ᠪᠦᠯᠬᠦᠮᠳᠡᠯ ᠳ᠋ᠦ᠍ ᠪᠣᠢ 

      ᠪᠦᠯᠬᠦᠮᠳᠡᠯ ! 
      ᠦᠨᠡᠨ ᠶᠣᠰᠣᠨ ᠤ᠋ ᠬᠠᠮᠤᠭ ᠤ᠋ᠨ ᠴᠢᠳᠠᠯ ᠲᠠᠢ ᠮᠡᠷᠭᠡᠨ ᠬᠦᠦ ᠨᠢ ᠃ 
      ᠪᠦᠯᠬᠦᠮᠳᠡᠯ ᠰᠠᠢᠬᠠᠨ ᠃ 
      ᠰᠠᠢᠬᠠᠨ ᠪᠦᠯᠬᠦᠮᠳᠡᠯ ᠰᠠᠢᠬᠠᠨ ᠃ 
      ᠪᠦᠯᠬᠦᠮᠳᠡᠯ ᠪᠣᠯ ᠰᠠᠢᠨ ᠰᠠᠢᠬᠠᠨ ᠤ᠋ ᠲᠡᠷᠭᠡᠯ ᠰᠠᠷᠠ ᠃ 
      ᠲᠥᠭᠥᠷᠢᠭ ᠴᠠᠭᠠᠨ ᠭᠡᠷ ᠲᠡᠭᠡᠨ ᠳᠠᠭᠤ ᠨᠢᠭᠡᠲᠡᠢ ᠬᠦᠦᠷᠨᠢᠨ᠂ ᠲᠤᠯᠭᠠᠨ ᠭᠠᠯ ᠨᠢ ᠲᠣᠭᠣᠨᠣᠨ ᠳ᠋ᠠᠭᠠᠨ ᠲᠤᠯᠲᠠᠯ᠎ᠠ ᠳᠦᠷᠡᠯᠵᠡᠨ ᠪᠠᠢᠨ᠎ᠠ ᠂ ᠬᠡᠴᠢᠨᠡᠨ ᠰᠠᠢᠬᠠᠨ ᠡᠯᠢᠭᠡᠰᠡᠭ ᠳᠣᠲᠣᠨᠣ ᠪᠣᠢ –– ᠪᠦᠯᠬᠦᠮᠳᠡᠯ ᠲᠡᠨᠳᠡ ᠪᠣᠢ ᠃ 
      ᠲᠦᠮᠡᠨ ᠴᠠᠭᠠᠨ ᠬᠣᠨᠢᠳ ᠴᠡᠯ ᠨᠣᠭᠣᠭᠠᠨ ᠵᠦᠯᠭᠡᠨ ᠳᠡᠭᠡᠷ᠎ᠡ ᠢᠳᠡᠰᠢᠯᠡᠨ᠎ᠡ ᠂ ᠵᠢᠰᠦ ᠨᠢ ᠴᠦ᠍ ᠢᠵᠢᠯ᠂ ᠵᠦᠭᠯᠡᠬᠦ ᠨᠢ ᠴᠦ᠍ ᠢᠵᠢᠯ ᠶᠠᠭᠠᠬᠢᠭᠰᠠᠨ ᠲᠠᠭᠠᠲᠠᠢ ᠲᠣᠭᠲᠠᠭᠤᠨ ᠪᠣᠢ ––  ᠪᠦᠯᠬᠦᠮᠳᠡᠯ ᠲᠡᠨᠳᠡ ᠪᠣᠢ ᠃ 
      ᠴᠡᠩᠬᠡᠷ ᠬᠥᠬᠡ ᠲᠡᠭᠷᠢ ᠳ᠋ᠦ᠍ ᠰᠦᠷᠦᠭ ᠲᠠᠭᠲᠠᠭ᠎ᠠ ᠪᠥᠵᠢᠭᠯᠡᠨ ᠨᠢᠰᠦᠨ᠎ᠡ ᠂ ᠬᠠᠨᠳᠤᠯᠭ᠎ᠠ ᠨᠢ ᠴᠦ᠍ ᠠᠳᠠᠯᠢ ᠂ ᠬᠠᠯᠢᠯᠲᠠ ᠨᠢ ᠴᠦ᠍ ᠠᠳᠠᠯᠢ ᠂ ᠶᠠᠭᠤᠲᠠᠢ ᠨᠠᠢᠷᠰᠠᠭ ᠲᠡᠨᠢᠭᠦᠨ ᠪᠣᠢ –– ᠪᠦᠯᠬᠦᠮᠳᠡᠯ ᠲᠡᠨᠳᠡ ᠪᠣᠢ ᠃ 
       ᠬᠠᠷᠠᠩᠭᠤᠢ ᠬᠠᠷᠭᠢᠰ ᠂ ᠬᠠᠷᠰᠢ ᠰᠠᠭᠠᠳ ᠢ᠋ ᠬᠠᠭ᠎ᠠ ᠨᠢᠷᠭᠡᠭᠴᠢ ᠠᠶᠤᠩᠭ᠎ᠠ ᠪᠣᠯ ᠪᠦᠯᠬᠦᠮᠳᠡᠯ ᠃ ᠠᠯᠢᠪᠠ ᠶ᠋ᠢ ᠢᠯᠠᠬᠤ ᠴᠣᠷ ᠤ᠋ᠨ ᠭᠠᠭᠴᠠ ᠮᠥᠩᠬᠡ ᠶ᠋ᠢᠨ ᠬᠤᠷᠴᠠ ᠰᠡᠯᠡᠮ᠎ᠡ ᠪᠣᠯ ᠪᠦᠯᠬᠦᠮᠳᠡᠯ᠃ 
      ᠬᠥᠮᠦᠨ ᠦ᠌ ᠣᠷᠴᠢᠯᠠᠩ ᠤ᠋ᠨ ᠪᠠᠶᠠᠷ ᠤ᠋ᠨ ᠨᠠᠷᠠ ᠂ ᠵᠢᠷᠭᠠᠯ ᠤ᠋ᠨ ᠰᠠᠷᠠ ᠂ ᠥᠨᠢᠷ ᠦ᠋ᠨ ᠡᠦᠲᠦ ᠲᠡᠢ ᠪᠣᠯᠭᠠᠨ ᠰᠠᠢᠨ ᠢ᠋ ᠦᠨᠳᠦᠰᠦᠯᠡᠭᠦᠯᠵᠦ ᠰᠠᠢᠬᠠᠨ ᠢ᠋ ᠴᠡᠴᠡᠭᠯᠡᠭᠦᠯᠦᠭᠡᠳ ᠦᠷ ᠴᠠᠢᠯᠭᠠᠳᠠᠭ ᠃
      ᠢᠯᠠᠯᠲᠠ ᠭᠡᠳᠡᠭ ᠵᠣᠷᠢᠯᠲᠠ ᠶ᠋ᠢᠨ ᠵᠣᠯ ᠵᠢᠷᠭᠠᠯᠲᠤ ᠵᠢᠮᠢᠰ ᠲᠦ᠍ ᠢᠵᠠᠭᠤᠷ ᠠ᠋ᠴᠠ ᠪᠠᠨ ᠠᠪᠤᠭᠠᠳ ᠬᠥᠮᠦᠰ ᠳᠤᠷ᠎ᠠ ᠲᠠᠢ ᠪᠣᠯᠬᠣᠷ  ᠲᠡᠭᠦᠨ ᠦ᠌ ᠵᠦᠭ ᠰᠠᠷᠪᠠᠢᠵᠤ ᠢᠷᠠᠭᠤ ᠬᠦᠰᠡᠯ ᠦ᠋ᠨ ᠤᠷᠭ᠎ᠠ ᠪᠠᠨ ᠬᠠᠶᠠᠭᠰᠠᠭᠠᠷ ᠢᠷᠡᠯ᠎ᠡ ᠃ 
      ᠡᠩᠬᠦᠷᠡᠢ ᠬᠠᠢᠷᠠᠲᠤ ᠡᠬᠡ ᠣᠷᠣᠨ ᠤ᠋ ᠡᠯᠡᠰᠦ ᠮᠠᠩᠬᠠᠨ ᠨᠤᠲᠤᠭ ᠮᠢᠨᠢ ᠦᠢ ᠲᠦᠮᠡᠨ ᠦᠷ᠎ᠡ ᠬᠡᠦᠬᠡᠳ ᠢ᠋ᠶ᠋ᠡᠨ ᠪᠦᠪᠡᠢᠯᠡᠨ ᠥᠰᠬᠡᠵᠦ ᠪᠥᠷᠲᠥᠯᠵᠡᠬᠦ ᠠᠯᠤᠰ ᠤ᠋ᠨ ᠪᠠᠷ᠎ᠠ ᠶ᠋ᠢ ᠲᠠᠨᠢᠭᠤᠯᠤᠭᠠᠳ ᠪᠦᠯᠢ ᠣᠯᠠᠨ ᠲᠠᠢ ᠡᠨᠡ ᠭᠡᠷ ᠢ᠋ ᠪᠦᠷᠢᠯᠳᠦᠭᠦᠯᠦᠨ ᠪᠥᠭᠡᠮᠨᠡᠷᠡᠭᠦᠯᠦᠭᠰᠡᠨ ᠃ 
      ᠪᠦᠲᠦᠬᠦ ᠶ᠋ᠢᠨ ᠬᠦᠴᠦ ᠂ ᠢᠯᠠᠬᠤ ᠶ᠋ᠢᠨ ᠨᠢᠳᠤᠷᠭ᠎ᠠ ᠂ ᠲᠠᠨᠢᠬᠤ ᠶ᠋ᠢᠨ ᠨᠢᠳᠦ ᠂ ᠵᠣᠭᠰᠣᠬᠤ ᠶ᠋ᠢᠨ ᠨᠢᠷᠤᠭᠤ ᠃ ᠮᠠᠨ ᠤ᠋ ᠪᠦᠯᠬᠦᠮᠳᠡᠯ ᠣᠶᠤᠨ ᠰᠠᠨᠠᠭᠠᠨ ᠤ᠋ ᠭᠡᠷᠡᠯ ᠭᠢᠯᠪᠠᠭ᠎ᠠ ᠬᠠᠢᠷ᠎ᠠ ᠪᠠᠷ ᠰᠦᠯᠵᠢᠭᠰᠡᠨ ᠤᠷᠠᠨ ᠲᠣᠣᠷ ᠤᠢᠳᠬᠠᠷ ᠭᠤᠨᠢᠭ ᠮᠠᠨᠠᠨ ᠪᠤᠳᠠᠩ ᠢ᠋ ᠦᠯᠳᠡᠭᠴᠢ ᠬᠠᠪᠤᠷ ᠤ᠋ᠨ ᠰᠠᠯᠬᠢ ᠃ ᠪᠠᠶᠠᠷ ᠵᠢᠷᠭᠠᠯ ᠤ᠋ᠨ ᠤᠨᠳᠤᠷᠤᠭ ᠳᠠᠯᠠᠩ ᠠ᠋ᠴᠠ ᠰᠦ ᠰᠠᠳᠠᠭᠠᠨᠠᠭᠤᠯᠳᠠᠭ ᠶᠤᠮ ᠠ᠋ ᠃ 
      ᠱᠠᠭᠠᠵᠠᠭᠠᠢ ᠴᠤᠭᠯᠠᠵᠤ ᠰᠠᠭᠤᠭᠰᠠᠨ ᠤ᠋ ᠰᠠᠢᠨ ᠢ᠋ᠶ᠋ᠠᠷ ᠢᠯᠠᠭᠠᠳ ᠥᠷᠯᠥᠭᠡ ᠪᠦᠷᠢ ᠢᠯᠠᠯᠲᠠ ᠪᠠᠨ ᠪᠡᠶᠡᠰᠦᠨ ᠳᠠᠭᠤᠯᠠᠨᠠᠮ ᠃ ᠪᠠᠷᠰ ᠴᠤᠪᠤᠵᠤ ᠶᠠᠪᠤᠭᠰᠠᠨ ᠤ᠋ ᠭᠠᠢ ᠪᠠᠷ ᠢᠯᠠᠭᠳᠠᠭᠠᠳ ᠂ ᠦᠳᠡᠰᠢ ᠪᠦᠷᠢ ᠥᠨᠥᠴᠢᠷᠡᠯ ᠦ᠋ᠨ ᠳᠤᠮᠳᠠ ᠤᠢᠳᠬᠠᠷᠯᠠᠨᠠᠮ᠃ ᠡᠨᠡ ᠶᠢᠷᠲᠢᠨᠴᠦ ᠶ᠋ᠢᠨ ᠢᠴᠢᠭᠦᠷᠢ ᠪᠣᠯᠤᠭᠰᠠᠨ ᠡᠯᠡᠰᠦ ᠮᠠᠩᠬ᠎ᠠ ᠶ᠋ᠢ ᠨᠡᠩ ᠶᠠᠭᠤᠨ ᠥᠭᠦᠯᠡᠬᠦ ᠠᠵᠢ ? 
      ᠵᠥᠭᠡᠢ ᠵᠦᠭ ᠪᠦᠷᠢ ᠪᠤᠲᠠᠷᠠᠨ ᠨᠢᠰᠪᠡᠴᠦ ᠪᠠᠯ ᠴᠤᠭᠯᠠᠭᠤᠯᠬᠤ ᠶ᠋ᠢᠨ ᠲᠥᠯᠥᠭᠡ ᠵᠦᠳᠡᠷᠡᠯ ᠲᠡᠢ ᠠᠵᠢᠯᠯᠠᠨ᠎ᠠ ᠂ ᠠᠮᠢᠳᠤᠷᠠᠯ ᠤ᠋ᠨ ᠠᠮᠲᠠ ᠶ᠋ᠢ ᠪᠦᠯᠬᠦᠮᠳᠡᠯ ᠦ᠋ᠨ ᠰᠢᠮ᠎ᠡ ᠰᠢᠭᠦᠰᠦ ᠪᠡᠷ ᠪᠦᠷᠢᠯᠳᠦᠭᠦᠯᠦᠨ᠎ᠡ ᠃  
      ᠡᠨᠡ ᠳᠡᠯᠡᠬᠡᠢ ᠳ᠋ᠦ᠍ ᠬᠠᠮᠤᠭ ᠤ᠋ᠨ ᠮᠠᠭᠤᠬᠠᠢ ᠡᠴᠡᠩᠬᠡᠢ ᠴᠢᠳᠬᠥᠷ ᠲᠥᠷᠥᠭᠦᠯᠦᠨ ᠦᠬᠦᠯ ᠮᠥᠬᠥᠯ ᠢᠯᠠᠭᠳᠠᠯ ᠢ᠋  ᠥᠨᠳᠡᠭᠡᠯᠡᠭᠦᠯᠦᠭᠡᠳ ᠪᠦᠷᠢᠯᠬᠦ ᠶ᠋ᠢᠨ ᠰᠢᠨᠵᠢ ᠶ᠋ᠢ  ᠪᠦᠷᠢᠯᠳᠦᠭᠦᠯᠳᠡᠭ ᠨᠢ ᠵᠥᠨᠥᠭ ᠲᠡᠨᠡᠭ ᠬᠠᠭᠠᠴᠠᠯ ᠂ ᠵᠦᠬᠡᠯᠲᠡᠢ ᠮᠠᠭᠤ ᠬᠠᠭᠠᠴᠠᠯ ᠃ 
      ᠨᠢᠭᠤᠷ ᠨᠢᠭᠤᠷ ᠢ᠋ᠶ᠋ᠠᠨ ᠵᠤᠯᠭ᠎ᠠ ᠵᠤᠯᠭ᠎ᠠ ᠮᠠᠭᠠᠵᠢᠯᠠᠨ ᠨᠢᠳᠦ ᠨᠢᠳᠦ ᠪᠡᠨ  ᠪᠦᠯᠳᠦ ᠪᠦᠯᠳᠦ ᠴᠢᠴᠢᠯᠡᠨ ᠨᠢᠭᠡ ᠨᠢᠭᠡ ᠪᠡᠨ ᠬᠡᠮᠬᠡ ᠬᠡᠮᠬᠡ ᠬᠠᠵᠠᠪᠠᠯ ᠭᠣᠯᠣᠮᠲᠠ ᠬᠠᠷᠠᠯᠠᠬᠤ ᠳ᠋ᠤ᠌ ᠣᠢᠷᠠᠬᠠᠨ ᠃ ᠦᠭᠡ ᠨᠢ ᠨᠢᠭᠡ ᠪᠢᠰᠢ ᠪᠣᠯ ᠥᠭᠡᠳᠡᠯᠡᠬᠦ ᠦᠭᠡᠢ ᠂ ᠥᠩᠭᠡ ᠨᠢ ᠢᠵᠢᠯ ᠪᠢᠰᠢ ᠪᠣᠯ ᠥᠷᠭᠡᠵᠢᠬᠦ ᠦᠭᠡᠢ᠃ 
      ᠡᠨᠳᠡ ᠡᠪ ᠦ᠋ᠨ ᠴᠠᠪᠠᠤ ᠡᠩᠬᠡ ᠶ᠋ᠢᠨ ᠬᠡᠯᠬᠢᠶ᠎ᠡ ᠬᠡᠷᠡᠭ ᠲᠡᠢ ᠃ 
      ᠲᠡᠷᠡ ᠬᠠᠮᠢᠭ᠎ᠠ ᠠ᠋ᠴᠠ ᠡᠨᠳᠡ ᠢᠷᠡᠬᠦ ᠪᠣᠯ ? 
      ᠪᠣᠷᠣᠭᠠᠨ ᠤ᠋ ᠳᠤᠰᠤᠯ ᠰᠢᠭ᠋ ᠲᠡᠭᠷᠢ ᠡᠴᠡ ᠪᠠᠭᠤᠬᠤ ᠭᠡᠵᠦ ᠦᠦ ? 
      ᠪᠤᠯᠠᠭ ᠤ᠋ᠨ ᠤᠰᠤ ᠰᠢᠭ᠋ ᠭᠠᠵᠠᠷ ᠠ᠋ᠴᠠ ᠤᠨᠳᠤᠷᠬᠤ ᠭᠡᠵᠦ ᠦᠦ ? 
      ᠰᠡᠳᠬᠢᠯ ᠡᠴᠡ ᠯᠡ ᠂ ᠰᠡᠳᠬᠢᠯ ᠢ᠋ᠶ᠋ᠡᠷ ᠯᠡ ! 
      ᠠᠯᠢᠮᠠᠳ ᠳᠠᠯᠠᠢ ᠭᠡᠭᠴᠢ ᠳᠤᠰᠤᠯ ᠤᠰᠤᠨ ᠤ᠋ ᠨᠡᠢᠯᠡᠪᠦᠷᠢ ᠃ 
      ᠠᠷᠠᠳ ᠲᠦᠮᠡᠨ ᠭᠡᠭᠴᠢ ᠣᠯᠠᠨ ᠬᠥᠮᠦᠨ ᠦ᠌ ᠨᠡᠢᠯᠡᠪᠦᠷᠢ ᠃ 
      ᠶᠠᠭᠤᠨ ᠳ᠋ᠤ᠌ ᠨᠡᠢᠯᠡᠭᠰᠡᠨ ᠶᠦ᠍ᠮ ᠪᠣᠯ ᠠ᠋ ? 
      ᠠᠮᠢᠳᠤᠷᠠᠬᠤ ᠣᠷᠣᠰᠢᠬᠤ ᠶ᠋ᠢᠨ ᠠᠯᠢ ᠠᠯᠢᠨ ᠤ᠋ ᠬᠢᠨᠢ ᠱᠠᠭᠠᠷᠳᠠᠯᠭ᠎ᠠ ᠠ᠋ᠴᠠ ᠃ 

                                   1883 .8 ᠬᠥᠬᠡᠬᠣᠲᠠᠨ᠎ᠠ