ᠭᠥᠬᠦᠭᠡ ᠶᠢᠨ ᠳᠠᠭᠤᠨ - ᠯᠢᠭᠳᠡᠨ Гөхөөгийн дуун - Лигдэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠥᠬᠦᠭᠡ ᠶᠢᠨ ᠳᠠᠭᠤᠨ - ᠯᠢᠭᠳᠡᠨ Гөхөөгийн дуун - Лигдэн

ᠭᠥᠬᠦᠭᠡ ᠶᠢᠨ ᠳᠠᠭᠤᠨ - ᠯᠢᠭᠳᠡᠨ Гөхөөгийн дуун - Лигдэн

2023-06-15

240

ᠭᠥᠬᠦᠭᠡ ᠶᠢᠨ ᠳᠠᠭᠤᠨ


               1 

      ᠲᠠᠷᠠᠭ ᠠᠢᠷᠠᠭ ᠤ᠋ᠨ ᠠᠩᠬᠢᠯᠤᠮᠠᠯ ᠦᠨᠦᠷ ᠢ᠋ᠶ᠋ᠡᠷ ᠪᠦᠲᠦᠭᠰᠡᠨ ᠲᠠᠯ᠎ᠠ ᠨᠤᠲᠤᠭ ᠤ᠋ᠨ ᠥᠷᠯᠥᠭᠡᠨ ᠦ᠌ ᠠᠭᠠᠷ ᠲᠤ᠌ ᠰᠣᠭᠲᠣᠭᠠᠳ ᠲᠠᠭᠠᠷᠠᠭᠰᠠᠨ ᠪᠦᠬᠦᠨ ᠢ᠋ᠶ᠋ᠡᠨ ᠰᠠᠨᠠᠭᠠᠨ ᠲᠠᠪᠠ ᠪᠠᠷ ᠢ᠋ᠶ᠋ᠠᠨ ᠡᠭᠡᠰᠢᠭᠯᠡᠭᠰᠡᠨ ᠲᠠᠪᠤᠨ ᠰᠠᠷ᠎ᠠ ᠶ᠋ᠢᠨ ᠬᠥᠬᠥᠭᠡ ᠶ᠋ᠢᠨ ᠳᠠᠭᠤᠨ ᠤᠶᠠᠩᠭᠠᠲᠠᠢᠬᠠᠨ ᠠ᠋ ; ᠲᠠᠰᠤᠳᠠᠵᠤ ᠲᠠᠮᠤᠯᠠᠭᠠᠳ ᠬᠡᠯᠪᠡᠷᠢ ᠶ᠋ᠢᠨ ᠬᠠᠢᠷᠴᠠᠭ ᠲᠤ᠌ ᠬᠡᠪᠰᠢᠭᠦᠯᠦᠭᠰᠡᠨ ᠲᠠᠮᠠᠭ᠎ᠠ ᠲᠣᠳᠣᠷᠬᠠᠢ ᠰᠢᠬᠠᠮᠠᠯ ᠰᠢᠯᠦᠭ ᠡᠴᠡ ᠴᠢᠯᠥᠭᠡᠲᠡᠢᠬᠡᠨ ᠠ᠋ ᠃ 

               2 

      ᠬᠡᠬᠦᠳᠡᠭ ᠴᠡᠭᠡᠵᠢᠨ ᠦ᠌ ᠪᠠᠶᠠᠷ ᠵᠢᠷᠭᠠᠯ ᠤ᠋ᠨ ᠳᠠᠭᠤᠯᠠᠯ ᠰᠢᠭ᠋ ᠬᠡᠵᠢᠶ᠎ᠡ ᠯᠡ ᠲᠡᠭᠡᠵᠦ ᠡᠢᠮᠦ ᠰᠠᠢᠬᠠᠨ ᠰᠣᠨᠣᠰᠳᠠᠵᠤ ᠭᠡᠮ ⁈ ᠬᠡᠭᠡᠷ᠎ᠡ ᠶ᠋ᠢᠨ ᠰᠢᠪᠠᠭᠤᠨ ᠤ᠋  ᠳᠣᠩᠭᠣᠳᠤᠯ ᠱᠣᠯᠣᠭᠣᠨᠠᠯ ᠤ᠋ᠨ ᠰᠠᠨᠠᠭ᠎ᠠ ᠶ᠋ᠢ ᠬᠡᠨ ᠯᠡ ᠲᠡᠭᠡᠵᠦ ᠨᠠᠷᠢᠨ ᠣᠢᠯᠠᠭᠠᠭᠠᠳ ᠮᠡᠳᠡᠵᠦ ᠭᠡᠮ ⁈ ᠬᠡᠯᠡ ᠶ᠋ᠢ ᠨᠢ ᠮᠡᠳᠡᠭᠡᠳ ᠬᠥᠮᠦᠨ ᠦ᠌ ᠦᠭᠡ ᠪᠡᠷ ᠣᠷᠴᠢᠭᠤᠯᠤᠭᠰᠠᠨ ᠪᠣᠯ ᠬᠡᠮᠡᠷᠯᠢᠭ ᠲᠣᠷᠭᠠᠨ ᠡᠢᠮᠦ ᠰᠠᠨᠠᠭ᠎ᠠ ᠯᠠ ᠭᠡᠮᠡᠷᠬᠡᠨ ᠠ᠋ !

               3 

      ᠡᠨᠡᠬᠦ ᠮᠢᠷᠠᠯᠵᠠᠭᠰᠠᠨ ᠴᠡᠴᠡᠭ ᠦ᠋ᠨ ᠬᠦᠷᠢᠶᠡᠯᠡᠩ ᠳ᠋ᠦ᠍ ᠥᠷᠯᠥᠭᠡ ᠶ᠋ᠢᠨ ᠴᠡᠪᠡᠷ ᠲᠤᠩᠭᠠᠯᠠᠭ ᠠᠭᠤᠷ ᠠᠮᠢᠰᠬᠤᠯ ᠤ᠋ᠨ ᠰᠠᠷᠬᠤᠳ ᠲᠤ᠌ ᠰᠣᠭᠲᠣᠭᠰᠠᠨ ᠪᠢ ᠂ ᠪᠤᠴᠠᠯᠤᠮ᠎ᠠ ᠬᠠᠢᠷ᠎ᠠ ᠶ᠋ᠢᠨ ᠢ᠋ᠶ᠋ᠡᠨ ᠭᠠᠯ ᠴᠡᠴᠡᠭ ᠢ᠋ ᠬᠥᠮᠦᠨ ᠦ᠌ ᠶᠢᠷᠲᠢᠨᠴᠦ ᠳ᠋ᠦ᠍ ᠰᠠᠴᠤᠬᠤ ᠶ᠋ᠢ ᠬᠦᠰᠡᠨᠡᠮ !  
      ᠲᠣᠭᠣᠰᠣ ᠨᠢ ᠳᠠᠷᠤᠭᠳᠠᠭᠰᠠᠨ ᠲᠣᠷᠭᠠᠨ ᠨᠣᠭᠣᠭᠠᠨ ᠲᠠᠯ᠎ᠠ ᠳ᠋ᠠᠭᠠᠨ ᠲᠣᠭᠣᠭᠳᠠᠬᠤ ᠦᠭᠡᠢ ᠴᠦ᠍ ᠪᠣᠯᠤᠭ ᠂ ᠪᠢᠯᠢᠭ ᠦ᠋ᠨ ᠬᠡᠭᠡᠷ ᠢ᠋ᠶ᠋ᠡᠨ ᠰᠣᠷᠢᠶ᠎ᠠ ᠂ ᠲᠣᠳᠣᠷᠠᠵᠤ ᠭᠠᠷᠬᠤ ᠣᠩᠭᠣᠨ ᠰᠠᠷᠠᠯ ᠢ᠋ ᠪᠠᠷᠠᠯᠠᠶ᠎ᠠ ! 

               4 

      ᠠᠪᠤᠷᠭᠤ ᠲᠣᠮᠣ ᠴᠡᠩᠬᠡᠷ ᠫᠠᠩᠰᠠᠨ ᠬᠥᠰᠢᠭᠡ ᠶ᠋ᠢᠨ ᠨᠠᠭᠠᠨ᠎ᠠ ᠂ ᠠᠪᠤᠷᠭᠤ  ᠲᠣᠮᠣ ᠨᠣᠭᠣᠭᠠᠨ ᠬᠡᠪᠢᠰ ᠦ᠋ᠨ ᠵᠡᠭᠦᠨ ᠵᠠᠬ᠎ᠠ ᠳ᠋ᠤ᠌ ᠠᠰᠠᠨ ᠳᠤᠯᠠᠯᠵᠠᠭᠰᠠᠨ ᠠᠪᠤᠷᠭᠤ ᠲᠣᠮᠣ ᠠᠯᠲᠠᠨ ᠪᠥᠮᠪᠥᠭᠡ ᠳᠡᠭᠳᠡᠨ ᠳᠦᠷᠡᠯᠵᠡᠨ᠎ᠡ ᠃ 

               5 

      ᠳᠡᠪᠢᠰᠬᠡᠷᠯᠡᠭᠰᠡᠨ ᠰᠣᠯᠣᠩᠭ᠎ᠠ ᠶ᠋ᠢᠨ ᠳᠡᠭᠡᠷᠡᠬᠢ ᠂ ᠳᠡᠭᠡᠪᠦᠷᠯᠡᠭᠰᠡᠨ ᠪᠢᠳᠤᠷᠶᠠᠨ ᠤ᠋ ᠳᠣᠣᠷᠠᠬᠢ ᠂ ᠡᠨᠡ ᠴᠢᠨᠢ ᠬᠠᠮᠢᠭᠠᠬᠢ ᠪᠣᠢ ? ᠡᠨᠡ ᠴᠢᠨᠢ ᠴᠣᠬᠣᠮ ᠬᠡᠨ ᠪᠢᠯᠡ ⁈ 

               6 

      《 ᠮᠢᠨᠦ ᠨᠤᠲᠤᠭ ! 》 
      ᠰᠣᠨᠣᠰᠤᠭᠠᠴᠢ  ᠳ᠋ᠠ ! ᠣᠮᠣᠭ ᠵᠢᠪᠬᠤᠯᠠᠩ ᠲᠠᠢ ᠬᠠᠷᠢᠭᠤᠯᠵᠤ ᠪᠠᠢᠭ᠎ᠠ ᠡᠨᠡᠬᠦ ᠠᠪᠤᠷᠭᠤ ᠶᠡᠬᠡᠮᠰᠦᠭ ᠬᠥᠮᠦᠨ ᠪᠣᠯ ᠡᠨᠳᠡᠬᠢ ᠶ᠋ᠢᠨ ᠡᠵᠡᠨ ᠶᠦ᠍ᠮ ᠪᠠᠢᠨ᠎ᠠ ᠃ 
      ᠣᠨᠴᠠ ᠭᠠᠢᠬᠠᠮᠰᠢᠭᠲᠤ ᠡᠨᠡ ᠬᠥᠮᠦᠨ ᠢ᠋ ᠦᠵᠡᠪᠡᠯ ᠂ ᠣᠯᠠᠨ ᠲᠣᠭᠠᠨ ᠤ᠋ ᠨᠡᠢᠯᠡᠪᠦᠷᠢ ᠪᠢᠰᠢ ᠣᠬᠢ ᠰᠣᠳᠣ ᠶ᠋ᠢᠨ ᠰᠣᠩᠭᠣᠪᠣᠷᠢ ᠠᠵᠢ !  

               7 

      ᠨᠠᠷᠠ ᠤᠯᠠᠭᠠᠨ ᠂ ᠰᠠᠷᠠ ᠲᠡᠷᠭᠡᠯ ᠂ ᠡᠦᠲᠦ ᠣᠯᠠᠨ᠃ ᠲᠠᠯ᠎ᠠ ᠨᠢ ᠨᠣᠭᠣᠭᠠᠷᠠᠭᠠᠳ᠂ ᠠᠭᠤᠯᠠ ᠨᠢ ᠬᠥᠬᠡᠷᠡᠭᠡᠳ᠂ ᠤᠰᠤ ᠨᠢ ᠴᠡᠩᠬᠡᠷᠯᠡᠭᠡᠳ ᠁ 
      ᠰᠦᠨ ᠮᠥᠷᠡᠨ᠂ ᠰᠤᠪᠤᠳ ᠳᠠᠯᠠᠢ᠂ ᠮᠢᠬᠠᠨ ᠠᠭᠤᠯᠠ ᠂ ᠮᠠᠩᠨᠤᠭ ᠬᠠᠩᠭᠠᠢ ᠃ 

               8 

      ᠪᠥᠵᠢᠭᠴᠢᠨ ᠨᠢ ᠬᠠᠷᠢᠶᠠᠴᠠᠢ ᠂ ᠳᠠᠭᠤᠴᠢᠨ ᠨᠢ ᠭᠤᠷᠭᠤᠤᠯᠳᠠᠢ ᠂ ᠠᠵᠢᠯᠴᠢᠨ ᠨᠢ ᠵᠥᠭᠡᠢ ᠂ ᠬᠠᠢᠭᠤᠯᠴᠢᠨ ᠨᠢ ᠪᠦᠷᠭᠦᠳ ᠃ 
      ᠬᠥᠭᠵᠢᠮ ᠨᠢ ᠳᠠᠯᠠᠩᠬᠠᠷ᠎ᠠ ᠪᠠᠷ ᠰᠡᠢᠯᠦᠭᠰᠡᠨ ᠮᠣᠷᠢᠨ ᠬᠤᠭᠤᠷ ᠲᠤ᠌ ᠬᠠᠲᠤᠨ ᠭᠣᠣᠯ ᠢ᠋ᠶ᠋ᠠᠷ ᠨᠤᠮᠤ ᠪᠣᠯᠭᠠᠭᠰᠠᠨ ᠨᠢ ᠶᠣᠰᠣᠲᠠᠢ ᠲᠡᠩᠴᠡᠵᠡᠢ — ᠳᠠᠭᠤᠨ ᠤ᠋ ᠬᠢᠨᠢ ᠬᠦᠩᠭᠢᠨᠡᠮ᠎ᠡ ᠭᠡᠵᠢ ᠠ᠋ ! 

               9 

      ᠭᠠᠩ ᠲᠠᠢ ᠠᠢᠷᠠᠭ ᠱᠤᠤᠭᠢᠨ ᠬᠥᠭᠡᠰᠦᠷᠡᠵᠦ ᠂ ᠬᠥᠭᠡᠷᠦᠨ ᠪᠠᠶᠠᠰᠤᠭᠠᠳ ᠰᠠᠪᠠᠨ ᠠ᠋ᠴᠠ ᠪᠠᠨ ᠣᠷᠬᠢᠵᠤ ᠭᠠᠷᠤᠨ ᠵᠠᠪᠳᠤᠭᠠᠳ ᠬᠦᠷᠬᠢᠷᠡᠨ ᠱᠤᠤᠭᠢᠨ᠎ᠠ ᠃

               10 

      ᠢᠰᠡᠭᠡᠢ ᠭᠡᠷ ᠂ ᠸᠠᠭᠠᠷ ᠤ᠋ᠨ ᠭᠡᠷ ᠬᠣᠣᠰᠯᠠᠨ ᠢᠨᠠᠭᠰᠢᠨ᠎ᠠ ᠃ ᠢᠰᠡᠭᠡᠢ ᠭᠡᠷ ᠠᠬᠠᠮᠠᠳ  ᠪᠣᠯᠪᠠᠴᠤ ᠪᠠᠢᠷᠢ ᠰᠠᠭᠤᠷᠢ ᠪᠠᠨ ᠨᠠᠢᠳᠠᠪᠤᠷᠢᠲᠤ ᠵᠠᠯᠭᠠᠮᠵᠢᠯᠠᠭᠴᠢ ᠪᠣᠯᠤᠭᠰᠠᠨ ᠠᠰᠠᠷ ᠲᠠᠭᠲᠤ ᠳ᠋ᠠᠭᠠᠨ ᠨᠠᠢᠷ ᠲᠠᠯᠪᠢᠵᠠᠢ ᠃ 
      ᠴᠠᠭ ᠦᠶ᠎ᠡ ᠶ᠋ᠢᠨ ᠬᠠᠨᠳᠤᠰᠢ ᠂  ᠴᠤᠤ ᠰᠢᠨ᠎ᠡ ᠳᠠᠭᠤᠯᠠᠯ ᠃  

               11 

      ᠤᠶᠠᠭᠠᠨ ᠳᠡᠭᠡᠷ᠎ᠡ ᠤᠶᠠᠭᠳᠠᠭᠰᠠᠨ ᠪᠢᠰᠢ ᠠᠲᠠᠯ᠎ᠠ ᠪᠠᠨ ᠱᠠᠭᠠᠵᠠᠭᠠᠢ ᠴᠢ ᠶᠠᠭᠤᠨ ᠳ᠋ᠤ᠌ ᠰᠠᠯᠬᠤ ᠪᠠᠨ ᠪᠣᠯᠢᠪᠠ ? ᠴᠢᠨᠦ ᠮᠡᠳᠡᠭᠦᠯᠵᠦ ᠪᠠᠢᠭ᠎ᠠ ᠶ᠋ᠢ ᠴᠢᠨᠢ ᠴᠠᠬᠢᠯᠭᠠᠨ ᠱᠠᠭᠠᠵᠠᠭᠠᠢ ᠠᠯᠢ ᠤᠵᠢᠭᠤᠷ ᠳᠠᠮᠵᠢᠭᠤᠯᠤᠭᠰᠠᠨ ᠃ 

               12 

      ᠡᠷᠲᠡ ᠴᠠᠭ ᠡᠨᠡ ᠭᠠᠵᠠᠷ ᠬᠡᠷᠢᠶ᠎ᠡ ᠴᠢᠨᠣ᠎ᠠ ᠬᠣᠶᠠᠷ ᠤ᠋ᠨ ᠬᠡᠷᠡᠭᠦᠯ ᠴᠤᠭᠯᠠᠭᠠᠨ ᠤ᠋ ᠣᠷᠣᠨ ᠪᠠᠢᠯ᠎ᠠ ᠃ ᠬᠠᠷ᠎ᠠ ᠡᠭᠦᠯᠡ ᠶ᠋ᠢ ᠴᠦ᠍ ᠰᠠᠷᠨᠢᠭᠤᠯᠵᠤ ᠳᠡᠢᠯᠬᠦ ᠰᠠᠯᠬᠢᠨ ᠦᠭᠡᠢ ᠭᠡᠮᠡᠨ ᠰᠠᠭᠰᠠᠭᠤᠷᠠᠵᠤ ᠠᠪᠠᠢ ᠃ ᠬᠡᠷᠢᠶ᠎ᠡ ᠪᠠᠰᠠ ᠥᠪᠡᠷ ᠦ᠋ᠨ ᠢ᠋ᠶ᠋ᠡᠨ ᠭᠤᠸᠠᠭᠯᠠᠯᠲᠠ ᠶ᠋ᠢ ᠬᠡᠳᠦᠢ ᠰᠦᠷᠡᠬᠡᠢ ᠳᠠᠭᠤᠯᠠᠯ ᠢ᠋ᠶ᠋ᠠᠷ ᠦᠵᠡᠳᠡᠭ ᠪᠠᠢᠪᠠ ᠃

               13 

      ᠪᠣᠷᠵᠢᠨ ᠴᠢᠯᠠᠭᠤᠨ ᠵᠢᠷᠦᠬᠡ ᠲᠡᠢ ᠳ᠋ᠡᠭᠡᠨ ᠡᠷᠡᠮᠰᠢᠭᠰᠡᠨ ᠪᠤᠷᠤᠩᠬᠤᠢ ᠪᠠᠢᠭᠠᠯᠢ ᠴᠤ᠌ ᠣᠳᠣ ᠦᠭᠡ ᠰᠣᠨᠣᠰᠬᠤ ᠪᠣᠯᠪᠠ ᠃ ᠲᠡᠷᠡ ᠬᠡᠷᠪᠡ ᠡᠰᠡ ᠠᠶᠤᠭᠰᠠᠨ ᠪᠣᠯ ᠠᠯᠢᠪᠠ ᠡᠷᠳᠡᠨᠢ ᠶ᠋ᠢᠨ ᠳᠡᠭᠡᠵᠢ ᠪᠡᠨ ᠡᠢᠮᠦ ᠨᠣᠮᠣᠬᠠᠨ ᠢ᠋ᠶ᠋ᠠᠷ ᠡᠷᠭᠦᠬᠦ ᠦᠦ ⁈  

               14 

      ᠠᠭᠤᠯᠠᠨ ᠤ᠋ ᠪᠥᠵᠢᠭ ᠂ ᠤᠰᠤᠨ ᠤ᠋ ᠤᠶᠠᠩᠭᠠᠯᠠᠯ ᠂  ᠵᠢᠮᠢᠰ ᠦ᠋ᠨ ᠵᠤᠤᠮᠠᠯᠵᠠᠯ   ᠵᠡᠷᠭᠡᠴᠡᠬᠦ ᠳ᠋ᠦ᠍ ᠠᠭᠤᠳᠠᠮ ᠲᠠᠯ᠎ᠠ ᠵᠠᠰᠠᠯ ᠵᠢᠮᠰᠡᠭ ᠢ᠋ᠶ᠋ᠡᠨ ᠵᠡᠭᠦᠭᠰᠡᠨ ᠮᠡᠲᠦ ᠃  

               15  

      ᠭᠡᠷᠡᠯᠲᠦ ᠰᠤᠪᠤᠳ ᠢ᠋ ᠭᠡᠷ ᠦ᠋ᠨ ᠣᠨᠢᠨ ᠠ᠋ᠴᠠ ᠤᠨᠵᠢᠭᠤᠯᠤᠭᠰᠠᠨ ᠳ᠋ᠤ᠌ ᠬᠡᠭᠡᠨᠴᠢᠷ ᠭᠤᠪᠠᠢ ᠨᠢᠳᠦ ᠭᠢᠯᠠᠰᠤᠮ᠎ᠠ ᠬᠠᠷᠠᠭᠳᠠᠨ᠎ᠠ ᠃ ᠬᠠᠷᠠᠩᠭᠤᠢ ᠶ᠋ᠢᠨ ᠬᠥᠰᠢᠭᠡ ᠠ᠋ ᠂ ᠴᠢ ᠬᠠᠮᠢᠭᠠᠰᠢ ᠪᠠᠨ ᠢᠷᠠᠭᠳᠠᠪᠠ ? ᠴᠢ ᠴᠢᠨᠢ ᠠᠩᠬᠠᠨ ᠳ᠋ᠠᠭᠠᠨ ᠶᠡᠬᠡᠯ᠎ᠡ ᠄ 
      《 ᠪᠢ ᠪᠣᠯ ᠳᠠᠶᠠᠩ ᠳᠡᠯᠡᠬᠡᠢ ᠶ᠋ᠢᠨ ᠡᠵᠡᠨ 》 ᠭᠡᠳᠡᠭ ᠰᠢᠲᠠ ! 
      ᠠᠢ ᠳ᠋ᠠ ᠬᠥᠭᠡᠷᠦᠬᠦᠢ ᠂ ᠥᠨᠥᠬᠢ ᠣᠮᠣᠭ  ᠴᠢᠨᠢ  ⁈  

               16  

      ᠭᠠᠵᠠᠷ ᠲᠩᠷᠢ ᠶ᠋ᠢ ᠵᠠᠬᠢᠷᠬᠤ ᠨᠢ ᠴᠦ᠍ ᠭᠠᠢᠭᠤᠢ ᠬᠡᠷᠡᠭ ᠳ᠋ᠠ ᠃ 
      ᠣᠯᠠᠩᠬᠢ ᠬᠡᠦᠬᠡᠳ ᠡᠦᠲᠦ ᠪᠦᠷ ᠡᠦᠲᠦ ᠶ᠋ᠢ ᠵᠡᠭᠦᠳᠦᠯᠡᠨ ᠂ ᠰᠠᠷᠠ ᠶ᠋ᠢ ᠰᠠᠨᠠᠵᠤ ᠂ ᠨᠠᠷᠠ ᠶ᠋ᠢ ᠮᠥᠷᠥᠭᠡᠳᠦᠨ᠎ᠡ ᠃ 
      《 ᠲᠡᠨᠳᠡ ᠶᠠᠭᠤ ᠶᠠᠭᠤ ᠪᠠᠢᠳᠠᠭ ᠪᠣᠯ ? ᠶᠠᠭᠠᠬᠢᠵᠤ ᠶᠠᠭᠠᠬᠢᠵᠤ ᠬᠦᠷᠬᠦ ᠪᠣᠢ ? 》 ᠭᠡᠳᠡᠭ ᠨᠢ ᠲᠡᠳᠡᠨ ᠦ᠌ ᠣᠶᠤᠨ ᠰᠠᠨᠠᠭᠠᠨ ᠳ᠋ᠤᠨᠢ ᠣᠨᠢᠰᠣᠭ᠎ᠠ ᠪᠣᠯᠤᠨ ᠡᠷᠭᠢᠯᠳᠦᠨ᠎ᠡ ᠃  

               17  

      ᠨᠢᠷᠠᠢ ᠴᠢᠬᠢ ᠨᠠᠳᠠ ᠶ᠋ᠢ ᠬᠠᠷᠠᠭᠠᠳ ᠮᠦᠰᠢᠶᠡᠵᠦ ᠪᠠᠢᠨ᠎ᠠ᠃ ᠨᠢᠯᠬ᠎ᠠ ᠰᠣᠶᠣᠭ᠎ᠠ ᠂ ᠨᠢᠯᠵᠠᠷᠠᠢ ᠴᠢᠬᠢ ᠂ ᠤᠷᠠᠨ ᠴᠣᠮᠣᠷᠯᠢᠭ ᠂ ᠰᠢᠷ᠎ᠠ ᠳᠡᠭᠳᠡᠭᠡᠬᠡᠢ ᠂ ᠠᠯᠢᠶ᠎ᠠ ᠤᠨᠠᠭ᠎ᠠ ᠴᠢᠯᠥᠭᠡᠲᠡᠢ ᠰᠤᠨᠢᠶᠠᠨ᠎ᠠ ᠃  

               18  

      ᠲᠦᠨᠲᠦᠭᠦᠷ ᠪᠣᠨᠲᠣᠭᠣᠷ ᠬᠠᠳᠠ ᠴᠢᠯᠠᠭᠤ ᠨᠤᠭᠤᠳ ᠲᠦᠮᠡᠨ ᠵᠢᠯ ᠦ᠋ᠨ ᠨᠣᠢᠷ ᠠ᠋ᠴᠠ ᠪᠠᠨ ᠰᠡᠷᠢᠭᠡᠳ ᠲᠦᠨᠲᠦᠯᠵᠡᠨ ᠪᠥᠮᠪᠥᠷᠢᠯ᠎ᠡ ᠃ ᠡᠪᠡᠰᠦᠲᠦ ᠲᠠᠯ᠎ᠠ ᠵᠦᠭ ᠂ ᠡᠪᠦᠯᠵᠢᠶ᠎ᠡ ᠵᠤᠰᠠᠯᠠᠩ ᠵᠦᠭ ᠂ ᠬᠥᠮᠦᠰ ᠦ᠋ᠨ ᠬᠡᠷᠡᠭᠴᠡᠭᠡ ᠵᠦᠭ ᠂ ᠬᠦᠰᠡᠯᠡᠩ ᠦ᠋ᠨ ᠰᠠᠭᠤᠷᠢ ᠵᠦᠭ ᠪᠥᠨᠲᠥᠯᠵᠡᠨ ᠪᠥᠮᠪᠥᠷᠢᠯ᠎ᠡ ᠃  

               19  

      ᠴᠢᠳᠬᠥᠷ ᠦ᠋ᠨ ᠨᠢᠳᠦ ᠨᠢ ᠪᠥᠯᠳᠥᠷᠢᠭᠡᠳ ᠴᠢᠰᠤ ᠭᠠᠷᠴᠤ ᠪᠠᠢᠨ᠎ᠠ ᠠ ᠂ 
      ᠠᠲᠠᠭ᠎ᠠ ᠵᠢᠲᠥᠭᠡ ᠭᠡᠳᠡᠭ ᠮᠥᠨ ᠴᠦ᠍ ᠬᠡᠴᠡᠭᠦᠦ ᠶᠧ !  

               20  

      ᠣᠯᠠᠨ ᠮᠢᠩᠭᠠᠨ ᠣᠪᠣᠭ᠎ᠠ ᠬᠠᠢᠷᠬᠠᠨ ᠤ᠋ ᠳᠠᠪᠠᠯᠭᠠᠨᠲᠤ ᠤᠷᠤᠰᠬᠠᠯ ᠰᠢᠵᠢᠷ ᠳᠣᠯᠭᠢᠶ᠎ᠠ ᠬᠠᠶᠠᠯᠠᠩᠬᠠᠨ ᠤᠷᠤᠰᠤᠨ᠎ᠠ ᠃  


                  21  

      ᠡᠩ ᠦ᠋ᠨ ᠬᠠᠷ᠎ᠠ ᠰᠢᠷᠣᠢ ᠠ᠋ᠴᠠ ᠭᠠᠷᠤᠭᠰᠠᠨ ᠨᠣᠭᠣᠭᠠᠨ ᠤ᠋ ᠴᠢᠬᠢ ᠬᠡᠴᠢᠨᠡᠨ ᠰᠠᠢᠬᠠᠨ᠂ ᠬᠡᠴᠢᠨᠡᠨ ᠢᠳᠡᠷᠡᠭᠦᠨ ᠪᠣᠢ ! ᠲᠡᠭᠦᠨ ᠳ᠋ᠦ᠍ ᠵᠣᠬᠢᠶᠠᠮᠠᠯ ᠶᠠᠩᠵᠤ ᠂  ᠬᠢᠮᠡᠯ ᠬᠡᠯᠪᠡᠷᠢ ᠂ ᠭᠠᠳᠠᠷ ᠪᠦᠷᠬᠦᠪᠴᠢ ᠦᠭᠡᠢ ᠃ 
      ᠡᠩᠭᠡᠰᠬᠡ ᠶ᠋ᠢᠨ ᠤᠷᠤᠭᠤᠯ ᠢ᠋ᠶ᠋ᠠᠨ ᠬᠤᠮᠪᠢᠨ ᠪᠠᠢᠵᠤ ᠢᠨᠢᠶᠡᠬᠦᠢᠴᠡ ᠪᠣᠯᠤᠭᠰᠠᠨ ᠬᠥᠯᠡᠮᠵᠢ ᠶ᠋ᠢᠨ ᠴᠡᠴᠡᠭ ᠲᠠᠩᠬᠢᠯᠵᠠᠬᠤ ᠳ᠋ᠠᠭᠠᠨ ᠯᠠ ᠰᠠᠢᠨ ; ᠲᠡᠳᠡᠨ ᠳ᠋ᠦ᠍ ᠰᠠᠯᠬᠢ ᠪᠣᠷᠣᠭᠠᠨ ᠦᠵᠡᠬᠦ ᠵᠠᠪᠰᠢᠶᠠᠨ ᠣᠯᠭᠣᠭᠠᠰᠠᠢ !  

               22  

      ᠤᠷᠲᠤ ᠳᠡᠪᠡᠯ ᠪᠤᠯᠢᠭᠠᠷᠢ ᠭᠤᠲᠤᠯ ᠲᠠᠢ ᠨᠢᠭᠡ ᠦᠶ᠎ᠡ ᠶ᠋ᠢᠨ ᠵᠠᠯᠠᠭᠤᠴᠤᠳ ᠭᠠᠯᠲᠤ ᠠᠭᠤᠯᠠᠨ ᠤ᠋ ᠲᠦᠯᠬᠢᠭᠦᠷ ᠢ᠋ ᠠᠳᠬᠤᠨ ᠰᠢᠯᠬᠡᠬᠦᠶ᠎ᠡ ᠭᠠᠯ ᠯᠤᠤ ᠠᠪᠤᠷᠭᠤ ᠰᠠᠭᠤᠯᠠᠭᠠᠨ ᠳ᠋ᠤ᠌ ᠮᠡᠳᠡᠷᠡᠨ ᠲᠣᠭᠯᠠᠮᠤᠢ ᠃  

               23  

      ᠭᠠᠪᠠᠯᠠ ᠠᠶᠠᠭ᠎ᠠ ᠶᠠᠰᠤᠨ ᠡᠷᠢᠭᠡ ᠶ᠋ᠢ ᠦᠵᠡᠬᠦᠯᠡᠷ ᠭᠠᠵᠠᠷ ᠳᠡᠯᠡᠬᠡᠢ ᠶ᠋ᠢᠨ ᠰᠢᠨ᠎ᠡ ᠭᠠᠯᠪᠠ ᠶ᠋ᠢ ᠢᠲᠡᠭᠡᠮᠦᠢ ᠃  

               24  

      ᠭᠠᠷ ᠲᠠᠢ ᠲᠥᠷᠥᠭᠰᠡᠨ ᠢ᠋ᠶ᠋ᠡᠨ ᠬᠥᠮᠦᠰ ᠶᠡᠷᠦ ᠭᠠᠢᠬᠠᠳᠠᠭ ᠦᠭᠡᠢ ᠪᠣᠯᠪᠠᠴᠤ ᠵᠠᠷᠢᠮ ᠬᠥᠮᠦᠨ ᠲᠡᠭᠦᠨ ᠦ᠌ ᠪᠡᠨ ᠶᠠᠮᠠᠷ ᠦᠢᠯᠡᠳᠦᠯ ᠲᠡᠢ ᠶ᠋ᠢ ᠮᠡᠳᠡᠬᠦ ᠦᠭᠡᠢ ᠪᠠᠢᠳᠠᠭ ᠲᠤ᠌ ᠡᠨᠳᠡᠬᠢ ᠬᠥᠮᠦᠰ ᠬᠠᠷᠢᠭᠤᠯᠲᠠ ᠥᠭᠴᠦ ᠪᠠᠢᠨ᠎ᠠ ᠄ 
      《ᠴᠢ ᠲᠡᠭᠦᠨ ᠢ᠋ᠶ᠋ᠡᠨ ᠬᠥᠳᠡᠯᠭᠡᠵᠦ ᠦᠵᠡ ᠂ ᠬᠠᠷ᠎ᠠ ᠰᠢᠷᠣᠢ ᠶ᠋ᠢ ᠠᠯᠲᠠ ᠪᠣᠯᠭᠠᠵᠤ ᠂ ᠬᠠᠳᠠ ᠠᠭᠤᠯᠠ ᠶ᠋ᠢ ᠮᠥᠩᠭᠥ ᠪᠣᠯᠭᠠᠵᠤ ᠪᠣᠯᠤᠨ᠎ᠠ ᠰᠢᠦ᠂ ᠭᠠᠷ ᠢ᠋ᠶ᠋ᠠᠨ ᠢᠯᠡᠭᠦᠬᠡᠨ ᠂ ᠴᠥᠬᠥᠷᠡᠯ ᠦᠭᠡᠢ ᠬᠥᠳᠡᠯᠭᠡᠵᠡᠭᠡ ! 》  

               25  

      ᠬᠥᠯ ᠢ᠋ᠶ᠋ᠡᠷ ᠵᠠᠮ ᠶᠠᠪᠤᠬᠤ ᠶ᠋ᠢ ᠮᠡᠳᠡᠨ᠎ᠡ — ᠭᠡᠲᠡᠯ᠎ᠡ ᠨᠠᠷᠠ ᠰᠠᠴᠤᠷᠠᠭᠰᠠᠨ ᠵᠠᠮ ᠢ᠋ᠶ᠋ᠠᠷ ᠶᠠᠪᠤᠨ᠎ᠠ ᠤᠤ ? ᠨᠠᠮᠤᠭ ᠡᠷᠦᠬᠡ ᠲᠡᠢ ① ᠭᠡᠨᠡᠨ ᠵᠠᠮ ᠢ᠋ᠶ᠋ᠠᠷ  ᠬᠡᠯᠲᠦᠷᠢᠨ᠎ᠡ ᠦᠦ ? — ᠭᠡᠳᠡᠭ ᠪᠣᠯ ᠲᠡᠷᠢᠭᠦᠨ ᠴᠢᠬᠤᠯᠠ ᠠᠰᠠᠭᠤᠳᠠᠯ ᠠᠵᠢ ᠃ 
      ᠲᠤᠷᠰᠢᠯᠭ᠎ᠠ ᠰᠤᠷᠭᠠᠮᠵᠢ ᠡᠭᠦᠨ ᠦ᠌ ᠲᠤᠰ ᠲᠤᠰ ᠲᠤᠨᠢ ᠲᠣᠯᠢ ᠪᠣᠯᠪᠠ !  

               26 

      ᠰᠣᠭᠲᠣᠭᠤ ᠡᠪᠡᠰᠦᠨ ᠦ᠌ ᠦᠨᠳᠦᠰᠦ ᠶ᠋ᠢ ᠮᠠᠯᠲᠠᠭᠰᠠᠨ ᠭᠠᠵᠠᠷ ᠳᠡᠭᠡᠷ᠎ᠡ ᠰᠣᠷᠭᠣᠭ ᠪᠡᠯᠴᠢᠭᠡᠷ ᠢ᠋ᠶ᠋ᠡᠨ ᠤᠯᠠᠮ ᠢᠯᠡᠭᠦᠬᠡᠨ ᠤᠷᠭᠤᠭᠤᠯᠵᠠᠭᠠᠶ᠎ᠠ !  

               27  

      ᠭᠠᠯ ᠵᠢᠭᠰᠠᠭᠠᠯ ᠂  ᠲᠤᠭ ᠤ᠋ᠨ ᠤᠷᠤᠰᠬᠠᠯ᠂ ᠨᠡᠢᠭᠡᠮ ᠦ᠋ᠨ ᠬᠤᠪᠢᠰᠬᠠᠯ ᠃ ᠰᠣᠯᠣᠩᠭ᠎ᠠ ᠶ᠋ᠢᠨ ᠰᠦᠯᠵᠢᠶ᠎ᠡ ᠶ᠋ᠢ ᠤᠷᠲᠤᠬᠠᠨ ᠰᠢᠭ᠋ ᠂ ᠬᠬᠢᠪ ᠦ᠋ᠨ ᠵᠠᠩᠭᠢᠶ᠎ᠠ   ᠶᠢ ᠭᠣᠶᠣᠬᠠᠨ ᠰᠢᠭ᠋ ᠂ ᠬᠠᠰ ᠤ᠋ᠨ ᠠᠰᠠᠷ ᠢ᠋ ᠥᠨᠳᠥᠷᠬᠡᠨ ᠰᠢᠭ ᠁ 
      ᠲᠦᠮᠡᠨ ᠠᠭᠲᠠ ᠮᠢᠨᠢ ᠳᠣᠪᠲᠣᠯᠤᠭᠠᠷᠠᠢ !  
      ᠲᠡᠭᠦᠰ ᠢᠯᠠᠯᠲᠠ ᠶ᠋ᠢᠨ ᠨᠡᠩ ᠠᠯᠤᠰ ᠲᠤ᠌ ᠨᠢᠰᠦᠭᠡᠷᠡᠢ !  

               28  

      ᠭᠠᠯ ᠤ᠋ᠨ ᠭᠡᠷᠡᠯ ᠬᠡᠳᠦᠢ ᠳᠦᠷᠡᠯᠵᠡᠪᠡᠯ ᠂ ᠬᠠᠷᠠᠩᠭᠤᠢ ᠬᠦᠢᠲᠡᠨ ᠲᠡᠳᠦᠢ ᠲᠤᠤᠱᠲᠠᠢ ᠠᠷᠢᠯᠤᠨ᠎ᠠ ᠃ 
      ᠶᠢᠷᠲᠢᠨᠴᠦ ᠶ᠋ᠢᠨ ᠦᠯᠡᠳᠡᠭᠳᠡᠯ ᠬᠠᠷᠠᠩᠭᠤᠢ ᠃ ᠣᠶᠤᠨ ᠰᠠᠨᠠᠭᠠᠨ ᠤ᠋ ᠪᠠᠯᠠᠷ ᠵᠦᠭ ᠦᠷᠭᠦᠯᠵᠢᠯᠡᠨ ᠲᠠᠭᠠᠷᠢᠰᠤᠭᠠᠢ !  

               29  

      ᠮᠠᠨ ᠤ᠋ ᠠᠪᠤᠷᠭᠤ ᠡᠷ᠎ᠡ ᠠᠵᠢᠨᠠᠢ ᠮᠥᠩᠭᠥᠨ ᠬᠦᠯᠦᠭ ᠲᠡᠭᠡᠨ ᠮᠣᠷᠳᠠᠭᠠᠳ ᠂ ᠲᠦᠮᠡᠨ ᠭᠠᠵᠠᠷ ᠤ᠋ᠨ ᠤᠷᠲᠤ ᠠᠶᠠᠯᠠᠯ ᠢ᠋ᠶ᠋ᠠᠨ ᠡᠬᠢᠯᠡᠭᠰᠡᠨ ᠢ᠋ ᠲᠤᠩᠬᠠᠭᠯᠠᠬᠤ ᠬᠡᠯᠪᠡᠷᠢ ᠪᠡᠷ ᠨᠢᠰᠬᠡᠨ᠎ᠡ ! 
      ᠠᠭᠤᠯᠠᠨ ᠳᠡᠭᠡᠭᠦᠷ ᠂ ᠤᠰᠤᠨ ᠳᠡᠭᠡᠭᠦᠷ ᠂ ᠡᠭᠦᠯᠡᠨ ᠳᠡᠭᠡᠭᠦᠷ ! 
      ᠠᠯᠤᠰ ᠤ᠋ᠨ ᠠᠯᠤᠰ ᠲᠤ᠌ ! 

                       77 ᠣᠨ ᠳ᠋ᠤ᠌ ᠨᠣᠣᠷᠠᠭᠯᠠᠭᠠᠳ 83 ᠣᠨ ᠳ᠋ᠤ᠌ ᠵᠠᠰᠠᠪᠠ ᠃  

※  ᠡᠷᠦᠬᠡ –  ᠨᠠᠭᠤᠷ ᠤᠨ ᠬᠥᠪᠡᠭᠡᠨ ᠦ ᠠᠮᠠᠷᠬᠠᠨ ᠴᠥᠮᠥᠷᠳᠡᠭ ᠠᠶᠤᠯᠲᠦ ᠭᠠᠵᠠᠷ᠃