ᠰᠠᠷᠠᠨ ᠵᠡᠪᠡ – ᠵᠣᠬᠢᠶᠠᠯᠴᠢ ᠂ ᠵᠢᠷᠤᠭᠠᠴᠢ ᠲ ᠂ ᠮᠠᠨᠳᠢᠷ ( ᠲᠡᠦᠬᠡᠨ ᠲᠤᠭᠤᠵᠢ )– 11 ᠎ᠳ᠋ᠦ᠍ᠭᠡᠷ ᠪᠦᠯᠦᠭ Саран зэв – Зохиолч ᠂ Зураач – Т᠂ мандир ( Түүхэн тууж ) – 11 дугээр бүлэг ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷᠠᠨ ᠵᠡᠪᠡ – ᠵᠣᠬᠢᠶᠠᠯᠴᠢ ᠂ ᠵᠢᠷᠤᠭᠠᠴᠢ ᠲ ᠂ ᠮᠠᠨᠳᠢᠷ ( ᠲᠡᠦᠬᠡᠨ ᠲᠤᠭᠤᠵᠢ )– 11 ᠎ᠳ᠋ᠦ᠍ᠭᠡᠷ ᠪᠦᠯᠦᠭ Саран зэв – Зохиолч ᠂ Зураач – Т᠂ мандир ( Түүхэн тууж ) – 11 дугээр бүлэг

ᠰᠠᠷᠠᠨ ᠵᠡᠪᠡ – ᠵᠣᠬᠢᠶᠠᠯᠴᠢ ᠂ ᠵᠢᠷᠤᠭᠠᠴᠢ ᠲ ᠂ ᠮᠠᠨᠳᠢᠷ ( ᠲᠡᠦᠬᠡᠨ ᠲᠤᠭᠤᠵᠢ )– 11 ᠎ᠳ᠋ᠦ᠍ᠭᠡᠷ ᠪᠦᠯᠦᠭ Саран зэв – Зохиолч ᠂ Зураач – Т᠂ мандир ( Түүхэн тууж ) – 11 дугээр бүлэг

ᠠᠩᠭᠢᠯᠠᠯ:ᠲᠡᠦᠬᠡ ᠰᠣᠶᠣᠯ
2023-06-14

245

ᠰᠠᠷᠠᠨ ᠵᠡᠪᠡ – ᠠᠷᠪᠠᠨ ᠨᠢᠭᠡᠳᠦᠭᠡᠷ ᠪᠦᠯᠦᠭ


     ᠨᠠᠰᠢᠷ ᠪᠡᠬᠢ ᠰᠦᠪᠡᠭᠡᠲᠠᠢ ᠪᠠᠭᠠᠲᠤᠷ ᠤ᠋ᠨ ᠦᠷᠭᠦᠭᠡᠨ ᠳ᠋ᠦ᠍ ᠳᠠᠭᠤᠳᠠᠭᠳᠠᠵᠤ ᠂ ᠣᠷᠣᠵᠤ ᠢᠷᠡᠭᠡᠳ ᠪᠠᠭ᠎ᠠ ᠦᠭᠡᠢ ᠭᠠᠶ᠋ᠢᠬᠠᠯ᠎ᠠ ᠃ ᠪᠠᠭᠠᠲᠤᠷ ᠪᠦᠷᠢᠨ ᠬᠤᠶᠠᠭᠯᠠᠵᠤ ᠂ ᠵᠠᠷ ᠵᠡᠪᠰᠡᠭ ᠢ᠋ᠶ᠋ᠡᠨ ᠵᠡᠭᠦᠭᠡᠳ ᠴᠢᠷᠠᠢ ᠳ᠋ᠤᠨᠢ ᠳᠠᠷᠤᠵᠤ ᠳᠠᠯᠳᠠᠯᠠᠰᠢ ᠦᠭᠡᠢ ᠪᠠᠶᠠᠷ ᠵᠢᠪᠬᠤᠯᠠᠩ ᠂ ᠪᠠᠰᠠ ᠳᠦᠭᠰᠢᠭᠦᠷᠢ ᠵᠣᠪᠠᠨᠢᠯ ᠬᠣᠣᠰᠯᠠᠨ ᠲᠣᠳᠣᠷᠠᠵᠤ ᠪᠠᠶ᠋ᠢᠪᠠ ᠃ 
     一 ᠲᠠ ᠡᠨᠡ ᠰᠥᠨᠢ ᠪᠠᠰᠠ ᠯᠠ ᠤᠨᠲᠠᠬᠤ ᠦᠭᠡᠢ ᠨᠢ ᠃ ᠭᠡᠪᠡᠴᠦ ᠱᠠᠩ  ᠳ᠋ᠤᠨᠢ ᠰᠠᠢᠬᠠᠨ ᠵᠦᠢᠯ ᠦᠵᠡᠬᠦ  ᠪᠣᠢ ᠃ ᠲᠡᠶ᠋ᠢᠰᠢ ᠪᠡᠨ ᠵᠣᠭᠰᠣᠵᠤ ᠂ ᠣᠯᠠᠨ ᠡᠳᠦᠷ ᠦ᠋ᠨ ᠢ᠋ᠶ᠋ᠡᠨ ᠡᠷᠡᠭᠡᠯᠵᠡᠭᠡ ᠶ᠋ᠢ ᠪᠠᠭ᠎ᠠ ᠴᠤ᠌ ᠠᠲᠤᠭᠠᠢ ᠲᠠᠢᠯᠤᠭᠲᠤᠨ ᠭᠡᠵᠦ ᠰᠦᠪᠡᠭᠡᠳᠡᠢ ᠬᠡᠯᠡᠭᠡᠳ ᠡᠯ᠎ᠡ ᠨᠠᠶ᠋ᠢᠷᠰᠠᠬ ᠪᠣᠳᠣᠯ ᠢ᠋ᠶ᠋ᠠᠨ ᠲᠡᠷᠡ ᠳᠣᠣᠷ᠎ᠠ ᠪᠠᠨ ᠠᠷᠢᠯᠭᠠᠵᠤ ᠬᠣᠶᠠᠷ ᠵᠢᠭᠦᠷᠯᠡᠨ ᠵᠣᠭᠰᠣᠭᠰᠠᠨ ᠳᠠᠷᠤᠭ᠎ᠠ ᠨᠠᠷ ᠢ᠋ᠶ᠋ᠠᠨ ᠰᠢᠷᠦᠭᠦᠨ ᠬᠠᠷᠠᠵᠤ :
     一 ᠪᠣᠷᠣᠡᠲᠠᠢ ᠢᠯᠡᠳᠬᠡᠭᠲᠦᠨ ᠭᠡᠯ᠎ᠡ ᠃
     一 ᠠᠭᠤᠯᠠᠨ ᠳ᠋ᠤ᠌ ᠪᠠᠶ᠋ᠢᠬ᠋᠎ᠠ ᠬᠣᠶᠠᠷ ᠮᠢᠩᠭᠠᠲᠤ ᠪᠠᠶ᠋ᠢᠷᠢᠯᠠᠯ  ᠢᠶᠡᠨ  ᠡᠵᠡᠯᠡᠭᠰᠡᠨ᠃ ᠮᠡᠷᠭᠢᠳ ᠦ᠋ᠨ ᠭᠡᠰᠦᠭᠦᠯ ᠬᠢᠭᠡᠳ ᠰᠠᠭᠤᠷᠢᠨ ᠬᠠᠷᠠᠭᠤᠯ ᠤ᠋ᠨ ᠰᠦᠯᠵᠢᠶ᠎ᠡ ᠵᠠᠮ ᠊ᠢ ᠲᠣᠭᠲᠠᠭᠠᠵᠤ ᠂ ᠬᠠᠯᠠᠬᠤ ᠰᠡᠯᠭᠦᠭᠡᠬᠦ ᠴᠠᠭ ᠊ᠢ ᠭᠠᠷᠭᠠᠭᠰᠠᠨ ᠃ ᠳᠣᠬᠢᠶ᠎ᠠ  ᠥᠭᠭᠦᠮᠡᠭᠴᠡ ᠲ᠋ᠸᠷᠯᠢᠺᠦᠠ ᠰᠠᠭᠤᠷᠢᠨ ᠠ᠋ᠴᠠ ᠨᠠᠭᠠᠰᠢᠬᠢ ᠪᠦᠬᠦ ᠬᠠᠷᠠᠭᠤᠯ ᠢ᠋ ᠬᠣᠮᠣᠷᠭᠠᠯᠠᠨ ᠪᠠᠷᠢᠪᠴᠢᠯᠠᠵᠤ ᠢᠷᠡᠬᠦ ᠳ᠋ᠦ᠍ ᠪᠡᠯᠡᠨ ᠪᠣᠢ ᠭᠡᠵᠦ ᠪᠣᠷᠣᠡᠲᠠᠢ ᠠᠶ᠋ᠢᠯᠠᠤᠠᠬᠠᠯ᠎ᠠ ᠃ 
      ᠰᠦᠪᠡᠭᠡᠳᠡᠢ ᠪᠠᠭᠠᠲᠤᠷ ᠰᠢᠷᠡᠭᠡᠨ ᠳᠡᠭᠡᠷ᠎ᠡ ᠭᠠᠵᠠᠷ ᠤ᠋ᠨ ᠵᠢᠷᠤᠭ ᠳᠡᠯᠭᠡᠬᠦ ᠳ᠋ᠦ᠍ ᠮᠢᠩᠭᠠᠨ ᠤ᠋ ᠨᠣᠶᠠᠳ ᠣᠶ᠋ᠢᠷᠠᠲᠣᠠ ᠣᠴᠢᠵᠤ ᠂ ᠲᠣᠭᠣᠷᠢᠨ ᠵᠣᠭᠰᠣᠯ᠎ᠠ ᠃ ᠨᠠᠰᠢᠷ ᠪᠡᠬᠢ ᠲᠡᠷᠡ ᠵᠢᠷᠤᠭ ᠊ᠢ ᠶᠡᠬᠡᠳᠡ ᠱᠣᠬᠣᠭᠣᠷᠬᠠᠨ᠎ᠠ ᠃ ᠥᠩᠭᠡ ᠢᠯᠭᠠᠵᠤ᠂ ᠠᠭᠤᠯᠠ ᠶ᠋ᠢᠨ ᠥᠨᠳᠥᠷ ᠨᠠᠮ ᠂ ᠳᠠᠪᠠᠭ᠎ᠠ ᠭᠠᠷᠤᠴᠠ ᠂ ᠵᠠᠮ ᠬᠠᠷᠭᠤᠢ ᠶ᠋ᠢ ᠲᠡᠮᠳᠡᠭᠯᠡᠭᠰᠡᠨ ᠨᠢ ᠢᠯᠭᠤᠮ ᠲᠣᠳᠣᠷᠬᠠᠢ᠂ ᠬᠣᠲᠠ ᠰᠠᠭᠤᠷᠢᠨ ᠲᠠᠷᠢᠶᠠᠨ ᠤ᠋ ᠭᠠᠵᠠᠷ ᠂ ᠬᠤᠤᠳᠤᠭ ᠂ ᠪᠤᠯᠠᠭ ᠴᠤ᠌ ᠪᠦᠭᠦᠳᠡ ᠡᠨᠳᠡ ᠡᠴᠡ  ᠮᠡᠳᠡᠭᠳᠡᠬᠦ ᠪᠣᠯᠤᠯᠲᠠᠢ ᠃
       一 ᠪᠣᠷᠣᠡᠲᠠᠢ ᠰᠣᠨᠣᠰ ᠃ ᠥᠪᠡᠷ ᠦ᠋ᠨ ᠢ᠋ᠶ᠋ᠡᠨ ᠭᠠᠵᠠᠷ ᠤ᠋ᠨ ᠳᠡᠭᠡᠰᠦ ᠶᠢ  ᠲᠣᠭᠲᠠᠭᠠᠵᠤ ᠠᠪ ᠃ ᠳᠣᠬᠢᠶ᠎ᠠ ᠶᠢ ᠡᠨᠳᠡ ᠡᠴᠡ ᠲᠦᠳᠡᠭ ᠭᠠᠯ ᠢ᠋ᠶ᠋ᠠᠷ ᠦᠭᠭᠦᠨ᠎ᠡ ᠃ ᠮᠡᠷᠭᠢᠳ ᠦ᠋ᠨ ᠬᠣᠷᠣᠭᠠᠨ ᠠ᠋ᠴᠠ ᠬᠥᠪᠦᠭᠡ ᠭᠣᠣᠯ ᠤ᠋ᠨ ᠭᠠᠷᠠᠮ ᠴᠢᠭᠯᠡᠬᠦ ᠵᠠᠮ ᠊ᠢ ᠬᠢᠴᠢᠶᠡᠵᠦ ᠴᠡᠪᠡᠷᠯᠡ ᠃ ᠨᠢᠭᠡ ᠴᠦ᠍ ᠬᠥᠮᠦᠨ ᠦᠯᠡᠳᠡᠭᠡᠵᠦ ᠪᠣᠯᠬᠤ ᠦᠭᠡᠢ ᠃ ᠲᠡᠮᠦᠷ ᠲᠡᠷᠭᠡ ᠨᠤᠭᠦᠳ ᠲᠤᠯᠵᠤ ᠢᠷᠡᠮᠡᠭᠴᠡ ᠲᠡᠨᠳᠡ ᠡᠴᠡ ᠪᠠᠶ᠋ᠢᠯᠲᠤᠬᠤ ᠵᠢᠬᠰᠠᠠᠭᠠᠯ  ᠊ᠢ ᠵᠢᠭᠰᠠᠭ᠎ᠠ ᠃ ᠫᠤᠤ ᠭᠤᠷᠪᠠ ᠳᠤᠤᠭᠠᠷᠬᠤ ᠠ᠋ᠴᠠ ᠨᠠᠭᠠᠰᠢ ᠰᠠᠴᠤᠯᠠᠨ ᠬᠠᠷᠪᠤᠬᠤ ᠪᠠ ᠠᠯᠠᠯᠳᠤᠨ ᠣᠷᠣᠬᠤ ᠶ᠋ᠢ ᠬᠣᠷᠢᠭᠯᠠᠨ᠎ᠠ ᠃ ᠭᠠᠭᠴᠠ ‍ᠬᠦ ᠰᠦᠷ ᠦᠵᠡᠭᠦᠯᠬᠦ ᠶ᠋ᠢ ᠰᠠᠶ᠋ᠢᠲᠤᠷ ᠬᠢᠴᠢᠶᠡ ᠃ ᠣᠳᠤᠭᠲᠤᠨ ᠭᠡᠵᠦ ᠰᠦᠪᠡᠭᠡᠲᠠᠢ ᠶ᠋ᠢ ᠬᠡᠯᠡᠬᠦ ᠳ᠋ᠦ᠍ ᠪᠣᠷᠣᠡᠲᠠᠢ ᠶᠣᠰᠣᠯᠠᠨ ᠭᠠᠷᠴᠤ ᠣᠳᠤᠯ᠎ᠠ ᠃ 
      一 ᠨᠡᠮᠡᠭᠲᠤ  ᠢᠯᠡᠳᠭᠡ᠃ 
      一 ᠲᠡᠷᠭᠡ ᠵᠢᠭᠰᠠᠭᠠᠬᠤ ᠥᠨᠳᠥᠷᠯᠢᠭ ᠊ᠤᠳ ᠊ᠢ ᠲᠣᠪᠯᠠᠭᠰᠠᠨ᠂ ᠨᠢᠭᠡ ᠴᠠᠭ ᠊ᠤᠨ ᠳᠣᠲᠣᠷ᠎ᠠ ᠪᠠᠭᠲᠠᠭᠠᠨ ᠠᠪᠠᠴᠢᠬᠤ ᠪᠣᠯᠤᠨ᠎ᠠ᠃ ᠲᠡᠷᠭᠡ ᠪᠦᠬᠦᠨ ᠳ᠋ᠦ᠍ ᠭᠠᠯ ᠬᠠᠷᠪᠤᠬᠤ ᠪᠠ ᠰᠠᠴᠤᠬᠤ ᠣᠨᠢᠰᠣ ᠶ᠋ᠢ ᠪᠡᠯᠡᠨ ᠪᠣᠯᠭᠠᠭᠰᠠᠨ᠃ ᠳᠠᠷᠢ᠂ ᠱᠡᠦ᠂ ᠥᠩᠭᠡᠲᠦ ᠭᠠᠯ ᠭᠠᠷᠭᠠᠬᠤ ᠦᠷᠳᠡᠰᠦ ᠴᠥᠮ ᠬᠠᠩᠭᠠᠯᠲᠠᠲᠠᠢ᠃ 
      一 ᠪᠣᠯᠵᠠᠢ᠃ ᠳᠠᠷᠤᠢ ᠣᠳᠴᠤ ᠲᠡᠷᠭᠡ ᠶ᠋ᠢ ᠳᠥᠷᠪᠡᠨ ᠵᠦᠭ ᠲᠦ᠍ ᠪᠠᠶ᠋ᠢᠷᠢᠯᠠᠭᠤᠯ᠃ ᠫᠤᠤ ᠨᠢᠭᠡ ᠳᠤᠤᠭᠠᠷᠬᠤ ᠳ᠋ᠤ᠌ ᠭᠠᠯ ᠰᠠᠴᠤᠭᠲᠤᠨ᠂ ᠪᠠᠰᠠ ᠥᠩᠭᠡᠲᠦ ᠭᠠᠯ ᠊ᠢ ᠡᠭᠦᠰᠬᠡ᠃ ᠫᠤᠤ ᠬᠣᠶᠠᠷ ᠤᠳᠠᠭ᠎ᠠ ᠳᠤᠤᠭᠠᠷᠪᠠᠯ ᠭᠠᠯ ᠬᠠᠷᠪᠤᠨ᠎ᠠ᠃  ᠭᠤᠷᠪᠠᠨ ᠤᠳᠠᠭ᠎ᠠ ᠳᠤᠤᠭᠠᠷᠪᠠᠯ ᠪᠠᠶ᠋ᠢᠯᠳᠤᠭᠠᠨ ᠊ᠤ ᠴᠡᠨᠡᠭ ᠢ᠋ᠶ᠋ᠡᠷ ᠬᠠᠷᠪᠤᠬᠤ ᠬᠡᠷᠡᠭᠲᠡᠢ᠃ ᠳᠣᠬᠢᠶ᠎ᠠ ᠶ᠋ᠢ ᠪᠤᠤ ᠠᠯᠳᠠᠵᠤ ᠡᠨᠳᠡᠭᠲᠦᠨ᠃ ᠮᠢᠩᠭᠠᠨ ᠊ᠤ ᠨᠣᠶᠠᠨ ᠨᠡᠮᠡᠭᠲᠦ ᠵᠠᠷᠯᠢᠭ ᠊ᠢ ᠬᠦᠯᠢᠶᠡᠨ ᠠᠪᠴᠤ ᠣᠳᠤᠯ᠎ᠠ᠃ 
      一 ᠤᠷᠢᠶᠠᠩᠬᠠᠢ ᠶ᠋ᠢᠨ ᠳᠥᠷᠪᠡᠨ ᠮᠢᠩᠭᠠᠲᠤ᠂ ᠬᠠᠷᠯᠤᠭ᠂ ᠠᠯᠢᠮᠠᠷ ᠊ᠤᠨ ᠮᠢᠩᠭᠠᠲᠤ ᠨᠤᠭᠤᠳ ᠴᠠᠭᠠᠵᠠ ᠶ᠋ᠢ ᠰᠣᠨᠣᠰ᠃ ᠡᠨᠡ ᠪᠣᠯ ᠭᠡᠳ ᠰᠦᠪᠡᠭᠡᠳᠡᠢ ᠵᠢᠷᠤᠭ ᠳᠡᠭᠡᠷ᠎ᠡ ᠬᠠᠳᠬᠤᠵᠤ᠄ 
      一 ᠴᠦᠢ ᠮᠥᠷᠡᠨ ᠳ᠋ᠦ᠍ ᠲᠤᠯᠤᠭᠰᠠᠨ ᠢᠯ ᠊ᠦᠨ ᠠᠯᠲᠠᠢ ᠶ᠋ᠢᠨ ᠰᠢᠪᠲᠤᠷᠬᠤ ᠬᠠᠷ᠎ᠠ ᠦᠵᠦᠭᠦᠷ ᠠᠭᠤᠯᠠ᠃ ᠮᠠᠨ ᠊ᠤ ᠬᠦᠷᠢᠶᠡᠨ ᠡᠴᠡ ᠥᠷᠦᠨᠡᠰᠢ ᠠᠷᠪᠠᠨ ᠬᠣᠶᠠᠷ ᠪᠠᠷ᠎ᠠ ᠵᠠᠢ ᠳ᠋ᠤ᠌ ᠪᠣᠢ᠃ ᠡᠨᠡ ᠠᠭᠤᠯᠠ ᠪᠸᠰᠲ᠋ᠢᠰᠢ ᠬᠥᠨᠳᠡᠢ ᠶ᠋ᠢ ᠡᠮᠵᠢᠨ᠎ᠡ᠃ ᠠᠭᠤᠯᠠᠨ ᠳ᠋ᠤ᠌ ᠲᠠ ᠨᠠᠷ ᠪᠦᠭᠭᠦᠬᠦ ᠪᠣᠯᠤᠨ᠎ᠠ᠃ ᠠᠯᠢ ᠪᠣᠯᠬᠤ ᠶᠡᠬᠡ ᠳᠡᠯᠭᠡ᠂ ᠵᠢᠭᠰᠠᠭᠠᠯ ᠢ᠋ᠶ᠋ᠠᠷ ᠲᠡᠯᠡᠭᠲᠦᠨ᠃ ᠮᠡᠷᠭᠢᠳ ᠊ᠦᠨ ᠴᠡᠷᠢᠭ ᠬᠥᠨᠳᠡᠢ ᠳ᠋ᠦ᠍ ᠣᠷᠣᠵᠤ ᠢᠷᠡᠭᠡᠳ ᠠᠮᠠᠰᠬᠢᠵᠤ ᠵᠢᠭᠰᠠᠭᠠᠯ ᠢ᠋ᠶ᠋ᠠᠨ ᠡᠮᠬᠢᠯᠡᠨ᠎ᠡ᠃ ᠡᠨᠡ ᠦᠶ᠎ᠡ ᠳ᠋ᠦ᠍ ᠥᠷᠥᠨ᠎ᠡ ᠳ᠋ᠦ᠍᠂ ᠵᠢᠭᠦᠷ ᠢ᠋ᠶ᠋ᠡᠨ ᠲᠡᠯᠡᠵᠦ᠂ ᠳᠠᠶ᠋ᠢᠰᠤᠨ ᠊ᠤ ᠠᠷᠤ ᠪᠠᠷ ᠣᠷᠢᠶᠠᠭᠠᠳ ᠡᠨᠡ ᠰᠢᠭᠤᠢ ᠳ᠋ᠤ᠌ ᠲᠤᠯᠲᠠᠯ᠎ᠠ ᠭᠤᠷᠪᠠᠨ ᠴᠤᠪᠤᠷᠠᠭ᠎ᠠ ᠪᠠᠶ᠋ᠢᠳᠠᠯ ᠢ᠋ᠶ᠋ᠠᠷ ᠡᠩᠨᠡᠭᠡ ᠪᠡᠨ ᠵᠢᠭᠳᠡᠷᠡᠭᠦᠯᠵᠦ ᠠᠪᠬᠤ ᠶᠣᠰᠣᠲᠠᠢ᠃ ᠡᠬᠢᠨ ᠊ᠦ ᠫᠤᠤ ᠲᠠᠯᠪᠢᠬᠤ ᠳ᠋ᠤ᠌ ᠲᠡᠮᠦᠷ ᠲᠡᠷᠭᠡ ᠨᠦ᠍ᠭᠦᠳ ᠭᠠᠯ ᠰᠠᠴᠤᠨ᠎ᠠ᠃ ᠲᠠ ᠨᠠᠷ ᠥᠪᠡᠷᠰᠡᠳ ᠊ᠦᠨ ᠡᠵᠡᠯᠡᠭᠰᠡᠨ ᠪᠠᠶ᠋ᠢᠷᠢᠯᠠᠯ ᠊ᠢ ᠢᠯᠡᠷᠬᠡᠶ᠋ᠢᠯᠡᠨ᠂ ᠬᠦᠷᠦᠯᠴᠡᠬᠦᠢᠴᠡ ᠪᠠᠮᠪᠠᠷ ᠨᠣᠴᠣᠭᠠᠨ᠂ ᠣᠣᠬᠠᠶ᠋ᠢᠯᠠᠵᠤ ᠳᠡᠮᠵᠢᠭᠲᠦᠨ᠃ ᠫᠤᠤ ᠭᠤᠷᠪᠠᠳᠠᠬᠢ ᠪᠠᠨ ᠳᠤᠤᠭᠠᠷᠬᠤ ᠳ᠋ᠤ᠌ ᠰᠠᠶᠢ ᠳᠣᠪᠲᠣᠯᠤᠨ ᠣᠷᠣᠵᠤ ᠪᠣᠯᠤᠨ᠎ᠠ᠃ ᠮᠢᠩᠭᠠᠨ ᠊ᠤ ᠵᠢᠷᠭᠤᠭᠠᠨ ᠨᠣᠶᠠᠨ ᠵᠠᠬᠢᠶ᠎ᠠ ᠶ᠋ᠢ ᠬᠦᠯᠢᠶᠡᠨ ᠴᠡᠷᠢᠭ ᠢ᠋ᠶ᠋ᠡᠨ ᠪᠡᠯᠡᠳᠬᠡᠬᠦ ᠪᠡᠷ ᠴᠤᠪᠤᠷᠠᠨ ᠭᠠᠷᠤᠯ᠎ᠠ᠃ 
      一 ᠲᠡᠪᠡᠭ ᠨᠣᠶᠠᠨ ᠴᠢᠨᠦ ᠬᠠᠷᠢᠭᠤᠴᠠᠭᠰᠠᠨ ᠦᠢᠯᠡᠰ ᠪᠡᠯᠡᠨ ‍ᠤᠤ ?
     ᠠᠯᠳᠠᠷᠲᠤ ᠵᠠᠩᠵᠤᠨ ᠬᠣᠶ᠋ᠢᠯᠲᠠᠷ ᠤ᠋ᠨ ᠬᠥᠪᠡᠭᠦᠨ ᠂ ᠮᠠᠩᠭᠤᠳ ᠤ᠋ᠨ ᠭᠠᠪᠰᠢᠭᠠᠢ ᠮᠢᠩᠭᠠᠨ ᠤ᠋ ᠠᠬᠠᠯᠠᠭᠴᠢ ᠂ ᠰᠢᠭᠠᠨᠲᠠᠭ ᠰᠢᠭ᠋ ᠴᠢᠭᠢᠷᠠᠭ ᠳᠡᠪᠬᠡᠬᠡᠷ ᠡᠷ᠎ᠡ ᠣᠷᠣᠭᠰᠢ ᠭᠠᠷᠴᠤ ᠄ 
     一  ᠪᠦᠭᠦᠳᠡ ᠶ᠋ᠢ ᠶᠣᠰᠣ ᠪᠠᠷ ᠪᠣᠯᠭᠠᠭᠰᠠᠨ ᠃ ᠡᠨᠡ ᠡᠳᠦᠷ ᠬᠦᠷᠢᠶᠡᠨ ᠳ᠋ᠦ᠍ ᠢᠷᠡᠭᠰᠡᠨ ᠪᠦᠬᠦ ᠠᠷᠠᠯᠵᠢᠶᠠᠴᠢᠳ ᠊ᠢ ᠰᠠᠭᠠᠲᠠᠭᠤᠯᠤᠭᠰᠠᠨ ᠃ ᠲᠡᠳᠡ ᠲᠠᠶ᠋ᠢᠪᠤᠩ ᠲᠣᠬᠢᠲᠠᠢ ᠭᠠᠵᠠᠷ ᠲᠤ᠌ ᠲᠠᠨ ᠤ᠋ ᠵᠠᠷᠯᠢᠭ ᠊ᠢ ᠬᠦᠯᠢᠶᠡᠵᠦ ᠪᠠᠶ᠋ᠢᠬ᠋᠎ᠠ ᠭᠡᠪᠡᠯ ᠰᠦᠪᠡᠭᠡᠲᠡᠢ ᠄  
     一 ᠲᠡᠳᠡᠨ ᠊ᠢ ᠥᠷᠯᠥᠭᠡ ᠪᠣᠯᠲᠠᠯ᠎ᠠ ᠪᠠᠶ᠋ᠢᠯᠬ᠋᠎ᠠ ᠃ ᠪᠠᠰᠠ ᠬᠦᠷᠢᠶᠡᠨ ᠦ᠌ ᠡᠷᠭᠢᠨ ᠲᠣᠭᠣᠷᠢᠨ ᠤ᠋ ᠲᠠᠪᠤᠨ ᠪᠠᠷ᠎ᠠ ᠳ᠋ᠤ᠌ ᠪᠠᠶ᠋ᠢᠬ᠋᠎ᠠ ᠬᠥᠮᠦᠰ ᠊ᠢ ᠡᠷ᠎ᠡ ᠡᠮ᠎ᠡ ᠂ ᠬᠠᠷ᠎ᠠ ᠨᠣᠶᠠᠨ ᠭᠡᠵᠦ ᠢᠯᠭᠠᠯ ᠦᠭᠡᠢ ᠠᠯᠪᠠᠲᠠᠨ ᠰᠠᠭᠠᠲᠠᠭᠤᠯ ᠃ ᠬᠦᠷᠢᠶᠡᠨ ᠦ᠌ ᠠᠮᠤᠷ ᠠᠮᠤᠭᠤᠯᠠᠩ ᠬᠢᠭᠡᠳ ᠮᠡᠷᠭᠢᠳ ᠲᠦ᠍ ᠬᠡᠯᠡ ᠪᠣᠯᠬᠤ ᠪᠦᠬᠦᠢ ᠯᠡ ᠰᠢᠵᠢᠮ ᠊ᠢ ᠲᠠᠰᠤᠯᠬᠤ ᠨᠢ ᠴᠢᠨᠦ ᠡᠭᠦᠷᠭᠡ ᠮᠥᠨ ᠃ ᠳᠠᠷᠤᠤ ᠤᠳᠤᠭᠲᠤᠨ ᠃  
     ᠲᠡᠪᠡᠭ ᠊ᠢ ᠭᠠᠷᠤᠭᠰᠠᠨ ᠤ᠋ ᠳᠠᠷᠠᠭ᠎ᠠ ᠦᠷᠭᠦᠭᠡᠨ ᠳ᠋ᠦ᠍ ᠰᠦᠪᠡᠭᠡᠲᠡᠢ ᠂ ᠨᠠᠰᠢᠷ ᠬᠣᠶᠠᠷ ᠠ᠋ᠴᠠ ᠭᠠᠳᠠᠨ᠎ᠠ ᠣᠶ᠋ᠢᠭᠤᠷ ᠤ᠋ᠨ ᠮᠢᠩᠭᠠᠨ ᠤ᠋ ᠨᠣᠶᠠᠨ ᠪᠠᠷᠰᠲ᠋ᠸᠭᠢᠨ ᠂ ᠭᠠᠪᠰᠢᠭᠠᠢ ᠵᠠᠭᠤᠲᠤ ᠶ᠋ᠢᠨ ᠠᠬᠠᠯᠠᠭᠴᠢ ᠠᠷᠭᠠᠴᠢ ᠨᠠᠷ ᠯᠠ ᠦᠯᠡᠳᠡᠵᠡᠢ ᠃ 
      一 ᠪᠠᠷᠰᠲ᠋ᠸᠭᠢᠨ  ᠲᠠ ᠡᠨᠡ ᠭᠠᠵᠠᠷ ᠊ᠢ ᠰᠠᠢᠨ ᠮᠡᠳᠡᠬᠦ ᠲᠤᠯᠠ ᠴᠡᠷᠢᠭ ᠢ᠋ᠶ᠋ᠡᠨ ᠬᠤᠪᠢᠶᠠᠵᠤ ᠂ ᠨᠠᠶ᠋ᠢᠲᠠᠪᠤᠷᠢᠲᠠᠢ ᠬᠥᠮᠦᠰ ᠢ᠋ᠶ᠋ᠡᠷ ᠵᠠᠬᠢᠷᠤᠭᠤᠯᠤᠨ ᠲᠡᠮᠦᠷ ᠲᠡᠷᠭᠡ ᠨᠤᠭᠦᠳ ᠊ᠢ ᠬᠠᠮᠠᠭᠠᠯᠠᠨ᠎ᠠ ᠃ ᠲᠡᠷᠭᠡ ᠨᠤᠭᠦᠳ ᠭᠠᠵᠠᠷ ᠤ᠋ᠨ ᠥᠨᠳᠥᠷ ᠬᠢᠭᠡᠳ ᠪᠠᠷᠲᠠᠭ᠎ᠠ ᠶ᠋ᠢ ᠠᠪᠤᠨ ᠪᠠᠶ᠋ᠢᠷᠢᠯᠠᠬᠤ ᠪᠣᠯᠬᠤ ᠪᠠᠷ ᠮᠡᠷᠭᠢᠳ ᠦ᠋ᠳ ᠵᠣᠷᠭ᠎ᠠ ᠪᠠᠷ ᠬᠠᠯᠳᠠᠵᠤ ᠴᠢᠳᠠᠬᠤ ᠦᠭᠡᠢ ᠃ ᠭᠡᠪᠡᠴᠦ ᠲᠡᠳᠡ ᠪᠠᠭᠤᠵᠤ ᠥᠭᠬᠦ ᠦᠭᠡᠢ ᠪᠣᠯ ᠤᠷᠤᠭᠰᠢᠯᠠᠬᠤ ᠪᠣᠯᠤᠨ᠎ᠠ ᠃ ᠲᠡᠷᠡ ᠴᠠᠭ ᠲᠤ᠌ ᠨᠡᠮᠡᠭᠲᠦ ᠯᠤᠭᠡ ᠬᠠᠪᠰᠤᠷᠤᠨ ᠣᠷᠣ ᠃ ᠭᠤᠷᠪᠠᠳᠠᠬᠢ ᠫᠤᠤ ᠶ᠋ᠢᠨ ᠳᠠᠭᠤ ᠡᠴᠦᠰ ᠦ᠋ᠨ ᠳᠣᠬᠢᠶ᠎ᠠ ᠃ ᠪᠤᠰᠤᠳ ᠳᠣᠬᠢᠶ᠎ᠠ ᠂ ᠲᠡᠮᠳᠡᠭ ᠬᠠᠭᠤᠴᠢᠨ ᠢ᠋ᠶ᠋ᠠᠷ ᠢ᠋ᠶ᠋ᠠᠨ ᠪᠣᠢ ᠭᠡᠵᠦ ᠰᠦᠪᠡᠭᠡᠲᠡᠢ ᠵᠢᠭᠠᠯ᠎ᠠ ᠃  
      ᠪᠠᠷᠰᠲ᠋ᠸᠭᠢᠨ  ᠭᠠᠷᠴᠤ ᠣᠳᠪᠠ ᠃ 
      ᠣᠯᠠᠨ ᠠᠩᠭᠢ ᠂ ᠪᠠᠭ ᠢ᠋ ᠤᠯᠠᠷᠢᠭᠤᠯᠤᠨ ᠵᠠᠷᠤᠵᠤ ᠢᠯᠡᠭᠡᠵᠦ ᠡᠨᠡ ᠠᠵᠢᠯ ᠳ᠋ᠤ᠌ ᠨᠢᠭᠡ ᠪᠦᠲᠦᠨ ᠮᠥᠴᠡ ᠶ᠋ᠢᠨ ᠲᠡᠳᠦᠢ ᠴᠦ᠍ ᠬᠤᠭᠤᠴᠠᠭ᠎ᠠ ᠣᠷᠣᠭᠰᠠᠨ ᠦᠭᠡᠢ ᠃ ᠶᠡᠬᠡ ᠪᠠᠭ᠎ᠠ ᠲᠤᠯᠤᠯᠳᠤᠭᠠᠨ ᠂ ᠥᠷᠥᠨ᠎ᠡ ᠳᠣᠷᠣᠨ᠎ᠠ ᠶ᠋ᠢᠨ ᠣᠯᠠᠨ ᠵᠠᠩᠵᠤᠳ ᠢ᠋  ᠦᠵᠡᠵᠦ ᠥᠩᠭᠡᠷᠡᠭᠦᠯᠦᠭᠰᠡᠨ ᠨᠠᠰᠢᠷ ᠪᠡᠬᠢ ᠶ᠋ᠢᠨ ᠨᠢᠳᠦᠨ ᠳ᠋ᠦ᠍ ᠰᠦᠪᠡᠭᠡᠲᠡᠢ ᠳᠠᠬᠢᠨ ᠲᠤᠮᠤᠷᠠᠵᠤ ᠂ ᠳᠤᠪᠤᠢᠵᠤ ᠬᠠᠷᠠᠭᠳᠠᠯ᠎ᠠ ᠃ ᠬᠠᠷᠢᠨ ᠡᠭᠦᠨ ᠢ ᠪᠡᠨ ᠪᠠᠭᠠᠲᠤᠷ ᠠᠩᠵᠠᠭᠠᠷᠠᠭᠰᠠᠨ ᠦᠬᠡᠷ ᠂ ᠠᠷᠭᠠᠴᠢ ᠶ᠋ᠢ ᠳᠠᠭᠤᠳᠠᠵᠤ᠄
     一 ᠴᠢᠨᠦ ᠵᠠᠭᠤᠲᠤ ᠨᠠᠮᠠᠶ᠋ᠢ ᠳᠠᠭᠠᠵᠤ ᠡᠦᠲᠦᠨ᠎ᠡ ᠃ ᠭᠠᠯ ᠤ᠋ᠨ ᠬᠡᠷᠡᠭᠯᠡᠯ ᠪᠠ ᠳᠠᠭᠤᠲᠤ ᠵᠡᠪᠰᠡᠭ ᠢ ᠰᠠᠢᠲᠤᠷ ᠪᠠᠵᠠᠭ᠎ᠠ ᠃ ᠲᠣᠨᠨ ᠬᠢᠭᠢᠷᠢ ᠂ ᠬᠠᠷᠠᠩᠭ᠎ᠠ ᠪᠦᠷᠢᠶ᠎ᠡ ᠶ᠋ᠢ ᠰᠢᠯᠭᠠᠵᠤ ᠂ ᠬᠡᠷᠡᠭᠯᠡᠬᠦ ᠦᠶ᠎ᠡ  ᠳ᠋ᠤ᠌ ᠰᠠᠭᠠᠲᠠᠭᠠᠬᠤ ᠳ᠋ᠤ᠌ ᠪᠤᠤ ᠬᠦᠷᠭᠡᠭᠦᠯ ᠃ ᠵᠠᠷᠤᠴᠠ ᠨᠠᠷ ᠤ᠋ᠨ ᠬᠥᠲᠥᠯᠦᠭᠡ ᠮᠣᠷᠢᠳ ᠢ᠋ ᠦᠵᠡᠵᠦ ᠂ ᠬᠤᠷᠤᠭᠤ ᠪᠠᠨ ᠬᠤᠯᠠᠭᠤᠭᠰᠠᠨ ᠂ ᠲᠤᠭᠤᠯᠤᠭᠰᠠᠨ ᠨᠢ ᠪᠠᠢᠪᠠᠯ ᠰᠣᠯᠢᠭᠤᠯ ᠃ ᠰᠢᠯᠢᠮᠡᠯ ᠠᠨᠳᠠ ᠶᠢ ᠴᠢᠨᠦ ᠮᠠᠲᠠᠯ ᠳ᠋ᠤ᠌ ᠥᠭᠰᠦᠭᠡᠢ ᠭᠡᠵᠦ ᠲᠤᠰᠢᠶᠠᠯ᠎ᠠ ᠃
      ᠰᠦᠪᠡᠭᠡᠲᠡᠢ ᠬᠡᠳᠦᠨ ᠬᠣᠷᠣᠮ  ᠨᠠᠮ ᠭᠦᠮ  ᠵᠣᠭᠰᠣᠪᠠ ᠃ ᠲᠥᠯᠦᠪᠯᠡᠭᠰᠡᠨ ᠴᠣᠬᠢᠯᠲᠠ ᠶ᠋ᠢᠨ ᠢ᠋ᠶ᠋ᠡᠨ ᠤᠶᠠᠯᠳᠤᠭ᠎ᠠ ᠬᠣᠯᠪᠣᠭ᠎ᠠ ᠶ᠋ᠢ ᠲᠡᠷᠡ ᠪᠡᠷ ᠰᠡᠭᠦᠯᠴᠢ ᠶ᠋ᠢᠨ ᠤᠳᠠᠭ᠎ᠠ ᠨᠢᠭᠲᠠᠯᠠᠨ ᠲᠤᠩᠭᠠᠬᠤ ᠳ᠋ᠠᠭᠠᠨ ᠥᠴᠦᠬᠡᠨ ᠲᠡᠳᠦᠢ ᠴᠦ᠍ ᠡᠷᠡᠭᠡᠯᠵᠡᠭᠡ ᠲᠡᠢ ᠭᠠᠵᠠᠷ᠎ ᠪᠠᠢᠪᠠᠯ ᠪᠦᠭᠦᠳᠡ ᠶ᠋ᠢ ᠨᠢ ᠵᠤᠭᠰᠤᠭᠠᠵᠤ ᠲᠠᠬᠢᠨ ᠡᠬᠢᠯᠡᠬᠦ  ᠳ᠋ᠦ᠍ ᠪᠡᠯᠡᠨ ᠪᠠᠢᠬᠤ ᠮᠡᠲᠦ ᠬᠠᠷᠠᠭᠳᠠᠨ᠎ᠠ ᠃ ᠲᠡᠭᠡᠭᠡᠳ ᠲᠡᠢᠮᠦ ᠲᠤᠲᠠᠭᠤ ᠬᠦᠳᠡᠭᠦᠦ ᠵᠦᠢᠯ ᠣᠯᠳᠠᠭᠰᠠᠨ ᠦᠭᠡᠢ ᠪᠤᠯᠤᠯᠲᠠᠢ ᠂ ᠴᠢᠷᠠᠢ ᠨᠢ ᠡᠶᠡᠷᠭᠦ ᠪᠣᠯᠵᠤ ᠂ ᠠᠭᠰᠠᠷᠭ᠎ᠠ ᠪᠠᠨ ᠴᠢᠩᠭᠠᠯᠠᠭᠠᠳ ᠰᠦᠨᠢ  ᠶ᠋ᠢᠨ ᠴᠢᠭᠢᠭ ᠡᠴᠡ ᠬᠠᠮᠠᠭᠠᠯᠠᠬᠤ ᠨᠠᠷᠢᠨ ᠴᠡᠮᠪᠡᠯ ᠬᠡᠪᠡᠨᠡᠭ ᠢᠶᠡᠨ ᠬᠡᠳᠦᠷᠴᠦ ᠪᠦᠴᠡᠯᠡᠬᠦ  ᠵᠠᠭᠤᠷ᠎ᠠ  ᠨᠠᠰᠢᠷ ᠤᠨ ᠵᠦᠭ  ᠮᠦᠰᠢᠶᠡᠰᠬᠢᠵᠦ ᠄
      一 ᠣᠳᠣ ᠬᠠᠮᠤᠭ ᠬᠦᠨᠳᠦ ᠶᠢ ᠵᠠᠩᠵᠤᠨ᠂ ᠴᠡᠷᠢᠭ  ᠦᠳ ᠮᠢᠨᠢ ᠡᠭᠦᠷᠴᠦ ᠭᠠᠷᠬᠤ ᠪᠣᠯᠣᠯ᠎ᠠ᠃  ᠴᠢ ᠨᠠᠳᠠ ᠳ᠋ᠦ᠍ ᠬᠠᠨᠢ ᠪᠣᠯᠵᠤ᠂ ᠡᠨᠡ ᠰᠥᠨᠢ ᠶ᠋ᠢᠨ ᠰᠣᠨᠢᠨ ᠦᠵᠡᠮᠦᠷᠢ ᠶ᠋ᠢ ᠬᠠᠷᠠᠴᠤ ᠴᠡᠩᠭᠡᠭᠲᠦᠨ᠃ ᠠᠯᠠᠯᠳᠤᠬᠤ ᠴᠠᠭ ᠲᠤᠯᠪᠠᠰᠤ ᠬᠠᠮᠤᠭ ᠤᠨ ᠬᠦᠨᠳᠦ ᠭᠠᠵᠠᠷ ᠲᠤ ᠴᠢᠮ᠎ᠠ ᠶᠢ ᠢᠯᠡᠭᠡᠨ᠎ᠡ ᠭᠡᠳᠡᠭ ᠢᠶᠡᠨ ᠠᠮᠠᠯᠠᠶ᠎ᠠ ᠭᠡᠵᠡᠢ᠃  ᠨᠠᠰᠢᠷ ᠪᠡᠬᠢ ᠪᠠᠶᠠᠷᠯᠠᠭᠰᠠᠨ ᠢᠶᠠᠨ ᠢᠯᠡᠳᠬᠡᠨ ᠭᠦᠨ᠎ᠡ ᠮᠡᠬᠦᠢᠨ ᠶᠣᠰᠣᠯᠠᠯ᠎ᠠ᠃ ᠲᠡᠷᠡ ᠪᠡᠷ ᠡᠨᠳᠡ ᠡᠭᠦᠨ ᠡᠴᠡ ᠢᠯᠡᠭᠦᠦ ᠡᠭᠦᠷᠭᠡ ᠣᠨᠣᠭᠳᠠᠬᠤ ᠦᠭᠡᠢ ᠭᠡᠳᠡᠭ ᠢ ᠣᠳᠣ ᠰᠠᠢᠨ ᠣᠢᠯᠠᠭᠠᠬᠤ ᠪᠣᠯᠵᠠᠢ᠃  ᠬᠠᠵᠠᠭᠤ  ᠳ᠋ᠠᠭᠠᠨ ᠰᠣᠨᠢᠷᠬᠠᠭᠴᠢ ᠦᠬᠡᠷ ᠪᠠᠢᠬᠤ ᠨᠢ ᠬᠠᠮᠤᠭ ᠤ᠋ᠨ ᠰᠤᠤᠲᠤ ᠵᠠᠩᠵᠤᠨ ᠳ᠋ᠤ᠌ ᠴᠦ᠍ ᠠᠲᠤᠭᠠᠢ  ᠵᠠᠷᠢᠮ ᠳ᠋ᠠᠭᠠᠨ ᠭᠣᠮᠣᠳᠠᠯᠲᠠᠢ ᠰᠠᠨᠠᠭᠳᠠᠳᠠᠭ ᠪᠠᠢᠵᠤ ᠮᠠᠭᠠᠳ ᠦᠭᠡᠢ ᠶᠤᠮ᠃   ᠪᠢᠳᠠᠨ ᠳ᠋ᠦ᠍ ᠪᠠᠰᠠ ᠨᠢᠭᠡ ᠬᠠᠨᠢ ᠪᠣᠢ  ᠰᠢᠦ ᠭᠡᠳ ᠰᠦᠪᠡᠭᠡᠳᠡᠢ ᠳ᠋ᠸᠩ ᠦᠨ ᠴᠢᠳᠬᠤᠮᠠᠯ ᠰᠠᠭᠤᠷᠢ ᠶᠢ ᠬᠤᠶᠠᠭ ᠤ᠋ᠨ ᠢ᠋ᠶ᠋ᠠᠨ ᠬᠠᠨᠴᠤᠢᠪᠴᠢ ᠪᠠᠷ ᠬᠥᠩᠭᠡᠬᠡᠨ ᠱᠦᠷᠭᠦᠭᠡᠬᠦ ᠳ᠋ᠦ᠍ ᠢᠯᠳᠠᠮ ᠴᠠᠩᠭᠢᠨᠠᠭᠰᠠᠨ ᠳᠠᠭᠤ ᠬᠠᠷᠴᠤ ᠂ ᠲᠦᠳᠡᠯ ᠦᠭᠡᠢ ᠠᠶᠠᠨ ᠲᠡᠢᠨ ᠦ᠌ ᠭᠡᠮᠡᠷ  ᠦᠭᠡᠢ ᠬᠥᠩᠭᠡᠨ ᠬᠤᠪᠴᠠᠰᠤ ᠳᠠᠶ᠎ ᠵᠠᠯᠠᠭᠤ ᠣᠷᠣᠵᠤ ᠢᠷᠡᠯ᠎ᠡ ᠃ ᠬᠡᠳᠦᠢ ᠪᠡᠷ ᠤᠯᠠᠭᠠᠨ ᠨᠥᠮᠥᠷᠭᠡ ᠂ ᠲᠠᠰᠠᠮ᠎ᠠ ᠲᠠᠢ ᠪᠣᠭᠣᠨᠢ ᠳᠡᠪᠡᠯ ᠢ᠋ᠶ᠋ᠡᠨ ᠰᠣᠯᠢᠭᠰᠠᠨ ᠴᠦ᠍ ᠲᠡᠭᠦᠨ ᠢ᠋  ᠰᠠᠶᠢᠬᠠᠨ ᠥᠪᠡᠷ ᠦ᠋ᠨ ᠪᠡᠶ᠎ᠡ ᠪᠡᠷ ᠢᠶᠠᠨ ᠳᠠᠭᠠᠭᠤᠯᠵᠤ ᠰᠦᠪᠡᠭᠡᠲᠡᠢ ᠪᠠᠭᠠᠲᠤᠷ ᠲᠤ᠌ ᠤᠴᠠᠷᠠᠭᠤᠯᠤᠭᠰᠠᠨ ᠨᠥᠭᠥᠭᠡ  ᠲᠣᠯᠣᠭᠠᠢ ᠨᠢᠴᠦᠭᠦᠨ ᠵᠠᠯᠠᠭᠤ ᠮᠥᠨ ᠭᠡᠳᠡᠭ ᠢ᠋  ᠨᠠᠰᠢᠷ ᠲᠠᠨᠢᠯ᠎ᠠ ᠃ ᠡᠨᠡ ᠤᠳᠠᠭ᠎ᠠ ᠵᠠᠯᠠᠭᠤ ᠲᠣᠪ  ᠮᠠᠶᠢᠭ᠍ᠲᠠᠢ ᠰᠢᠷᠠᠮᠠᠯ ᠢᠰᠡᠭᠡᠢ ᠮᠠᠯᠠᠭᠠᠢ ᠳᠣᠬᠣᠳᠠᠭᠤᠯᠤᠭᠰᠠᠨ ᠪᠠᠢᠪᠠ ᠃ 
    –– ᠡᠨᠡ ᠬᠥᠮᠦᠨ ᠪᠣᠯ  ᠣᠩᠬᠣᠳ ᠤ᠋ᠨ ᠴᠢᠭᠴᠢᠲᠡᠢ ᠃ ᠬᠡᠷᠬᠡᠮ ᠴᠣᠯᠠ ᠨᠢ  ᠮᠢᠩᠭᠠᠨ ᠤ᠋ ᠨᠣᠶᠠᠨ ᠠ᠋ᠴᠠ ᠬᠡᠲᠦᠷᠡᠭᠰᠡᠨ ᠪᠣᠯᠪᠠᠴᠤ ᠣᠳᠣᠬᠠᠨ ᠳ᠋ᠠᠭᠠᠨ ᠣᠯᠠᠨ ᠳ᠋ᠤ᠌ ᠵᠠᠷᠯᠠᠭ᠎ᠠ ᠦᠭᠡᠢ ᠂ ᠠᠯᠪᠠᠲᠤ ᠬᠥᠷᠥᠩᠭᠡ ᠪᠡᠨ ᠴᠦ᠍ ᠡᠵᠡᠮᠰᠢᠬᠦ ᠡᠴᠡ ᠲᠦᠳᠡᠭᠡᠯᠵᠡᠵᠦ ᠪᠠᠢᠭ᠎ᠠ ᠬᠥᠮᠦᠨ ᠳ᠋ᠠ ᠭᠡᠵᠦ ᠰᠦᠪᠡᠭᠡᠲᠡᠢ ᠎ ᠶ᠋ᠢ ᠬᠡᠯᠡᠬᠦ ᠳ᠋ᠦ᠍ ᠡᠨᠡ ᠪᠦᠬᠦᠨ  ᠬᠤᠱᠣᠩᠨᠠᠯ ᠭᠡᠳᠡᠭ ᠢ᠋ ᠣᠢᠯᠠᠭᠠᠭᠤᠯᠬᠤ  ᠮᠠᠶᠢᠭ᠍ᠲᠠᠢ ᠨᠠᠰᠢᠷ ᠪᠡᠬᠢ ᠶᠢᠨ ᠥᠭᠡᠳᠡ ᠡᠴᠡ ᠨᠢᠳᠦ ᠢᠷᠮᠡᠨ ᠲᠣᠬᠢᠬᠤ  ᠮᠦᠷᠲᠡᠭᠡᠨ ᠰᠦᠪᠡᠭᠡᠳᠡᠢ ᠪᠠᠭᠠᠲᠤᠷ ᠢ ᠵᠢᠮᠡᠯᠡᠩᠭᠦᠢ ᠬᠠᠷᠠᠪᠠ᠃
      ᠣᠷᠢᠶᠠᠩᠬᠠᠢ ᠶᠢᠨ ᠵᠠᠩᠵᠤᠨ ᠴᠢᠷᠠᠢ ᠪᠠᠨ ᠲᠥᠪ ᠪᠣᠯᠭᠠᠵᠤ᠄
    ––  ᠨᠠᠰᠢᠷ ᠪᠡᠬᠢ ᠡ᠂   ᠴᠢᠭᠴᠢᠲᠡᠢ ᠨᠠᠰᠤ ᠵᠠᠯᠠᠭᠤ ᠪᠣᠯᠪᠠᠴᠤ ᠦᠵᠡᠭᠰᠡᠨ ᠰᠤᠷᠤᠭᠰᠠᠨ ᠨᠢ ᠶᠡᠬᠡ ᠂  ᠬᠢᠵᠦ ᠴᠢᠳᠠᠳᠠᠭ ᠨᠢ ᠪᠦᠷ ᠴᠦ᠍ ᠢᠯᠡᠭᠦᠦ ᠪᠠᠢᠵᠤ ᠮᠠᠭᠠᠳ᠃ ᠣᠩᠬᠣᠳ  ᠬᠥᠪᠡᠭᠦᠨ ᠮᠢᠨᠢ᠂  ᠨᠠᠮᠠᠶ᠋ᠢ ᠪᠢᠲᠡᠭᠡᠢ ᠬᠠᠷᠠᠴᠠ ᠪᠠᠷ ᠢ᠋ᠶ᠋ᠠᠨ ᠰᠢᠪᠬᠠᠭᠤᠷᠳᠠᠭᠠᠳ ᠪᠠᠢ ᠃ ᠪᠢ ᠬᠡᠲᠦᠷᠡᠭᠦᠯᠬᠦ ᠦᠭᠡᠢ  ᠭᠡᠳ ᠨᠠᠰᠢᠷ ᠪᠡᠬᠢ ᠶ᠋ᠢ ᠠᠩᠬᠠᠷ ᠭᠡᠰᠡᠨ ᠪᠣᠯᠣᠯᠲᠠᠢ᠂ ᠳᠤᠮᠳᠠ ᠬᠤᠷᠤᠭᠤ ᠪᠠᠨ ᠨᠡᠢᠯᠡᠭᠦᠯᠦᠨ ᠣᠭᠴᠤᠮ ᠵᠠᠩᠭᠠᠵᠤ᠄
    ––   ᠴᠢᠭᠴᠢᠲᠡᠢ ᠪᠣᠯ ᠲᠤᠯᠤᠷ ᠡᠵᠡᠨ ᠦ᠌ ᠰᠢᠳᠠᠷ ᠂ ᠬᠥᠪᠡᠭᠦᠳ ᠦ᠋ᠨ ᠬᠢᠨᠢ ᠪᠠᠭᠰᠢ ᠪᠢᠯᠡ ᠃ ᠡᠨᠡ ᠬᠥᠮᠦᠨ ᠣᠢᠷ᠎ᠠ ᠶ᠋ᠢᠨ ᠬᠡᠳᠦᠨ ᠵᠢᠯ ᠲᠠᠩᠭᠤᠳ ᠂ ᠵᠦᠷᠴᠢᠨ ᠂ ᠬᠢᠳᠠᠨ ᠢᠷᠭᠡᠨ ᠦ᠌ ᠳᠤᠮᠳᠠ ᠪᠠᠷᠢᠵᠤ ᠪᠤᠷᠤᠭᠤ ᠰᠤᠷᠲᠠᠯᠲᠤ ᠨᠣᠶᠠᠳ ᠤ᠋ᠨ ᠭᠡᠨᠢ ᠵᠢᠷᠦᠬᠡ ᠶ᠋ᠢ ᠦᠬᠦᠭᠦᠯᠦᠭᠰᠡᠨ ᠲᠤᠯᠠ ᠲᠦᠷ ᠨᠠᠭᠠᠰᠢ ᠪᠠᠨ ᠵᠠᠢᠯᠠᠵᠤ ᠢᠷᠡᠭᠡᠳ  ᠪᠠᠢᠭ᠎ᠠ ᠶᠤᠮ᠃  ᠴᠠᠭᠠᠰᠢᠳᠠ ᠨᠠᠩᠭᠢᠶᠠᠳ ᠦᠨ ᠰᠥᠩ ᠤᠯᠤᠰ ᠲᠠᠢ ᠲᠣᠭᠯᠠᠬᠤ ᠬᠣᠯᠠ ᠪᠣᠳᠣᠯᠭ᠎ᠠ ᠳᠡᠪᠢᠰᠬᠡᠷᠯᠡᠵᠦ ᠶᠠᠪᠤᠭ᠎ᠠ ᠃ ᠮᠢᠨᠦ ᠪᠣᠳᠣᠬᠤ ᠳ᠋ᠤ᠌ ᠡᠮᠦᠨᠡᠲᠦ ᠳᠠᠯᠠᠢ ᠴᠦ᠍ ᠪᠠᠰᠠ ᠮᠠᠨ ᠤ ᠣᠩᠬᠣᠳ ᠵᠠᠯᠠᠭᠤ ᠶ᠋ᠢᠨ ᠬᠦᠷᠦᠭᠡᠳ ᠵᠣᠭᠰᠣᠬᠤ ᠭᠠᠵᠠᠷ ᠪᠢᠰᠢ᠃ ᠡᠨᠡ ᠪᠦᠬᠦᠨ ᠢ ᠶᠠᠷᠢᠭᠰᠠᠨ ᠤ ᠤᠴᠢᠷ ᠭᠡᠪᠡᠯ  ᠨᠠᠰᠢᠷ ᠪᠡᠬᠢ ᠴᠢ ᠂ ᠡᠨᠡ ᠠᠶᠠᠨ ᠠ᠋ᠴᠠ ᠪᠤᠴᠠᠴᠤ  ᠬᠠᠷᠠᠬᠤᠷᠢᠮ  ᠪᠠᠭᠤᠬᠤ ᠬᠦᠷᠲᠡᠭᠡᠯ ᠳ᠋ᠦ᠍ ᠴᠢᠭᠴᠢᠲᠡᠢ  ᠲᠡᠢ ᠨᠢᠭᠡᠨ  ᠭᠠᠯ ᠪᠣᠯᠵᠤ ᠶᠠᠪᠤᠭᠠᠳ ᠲᠥᠷᠥᠯᠬᠢ ᠨᠤᠲᠤᠭ ᠤᠰᠤ ᠂ ᠬᠥᠮᠦᠨ ᠵᠤᠨ ᠤ᠋ ᠪᠠᠨ ᠲᠣᠬᠠᠷ ᠰᠠᠢᠲᠤᠷ  ᠶᠠᠷᠢᠵᠤ ᠥᠭᠪᠡᠯ  ᠰᠠᠢᠨ ᠪᠠᠢᠨ᠎ᠠ᠃ ᠪᠠᠭᠳᠠᠳ᠋ ᠂ ᠪᠡᠰᠡᠷᠡ ᠂  ᠶᠸᠷᠣᠰᠯᠠᠮ ᠂ ᠠᠯᠢ –  ᠢᠰᠺᠠᠨᠳ᠋ᠸᠷᠢ ᠂ ᠷᠣᠮ ᠭᠡᠳ  ᠠᠭᠤᠤ ᠶᠡᠬᠡ ᠬᠣᠲᠠ ᠨᠣᠭᠣᠳ᠂ ᠰᠤᠤ ᠵᠠᠯᠢᠲᠤ  ᠰᠠᠯᠠᠳᠢᠨ ᠂ ᠬᠦᠴᠦᠷᠬᠡ ᠨᠤᠲᠤᠭ ᠲᠤ᠌ ᠢᠨᠡᠦᠺᠸᠠᠲ᠋ᠢ᠂  ᠠᠩᠭᠢᠯᠢ ᠨᠤᠷᠮᠠᠨ ᠤ᠋ ᠠᠷᠰᠯᠠᠨ ᠵᠢᠷᠦᠬᠡᠲᠦ ᠬᠠᠭᠠᠨ ᠤ᠋ ᠲᠤᠬᠠᠢ ᠂ ᠶᠡᠷᠦ ᠨᠢ ᠪᠦᠭᠦᠳᠡ ᠶ᠋ᠢᠨ ᠲᠤᠬᠠᠢ ᠪᠢᠳᠡ ᠰᠣᠨᠣᠰᠴᠤ ᠠᠪᠬᠤ ᠬᠡᠷᠡᠭᠲᠡᠢ ᠃ ᠡᠭᠦᠨ ᠦ᠌ ᠲᠤᠯᠠᠳᠠ ᠪᠢ ᠲᠠ ᠬᠣᠶᠠᠷ ᠢ᠋ ᠠᠭᠤᠯᠵᠠᠭᠤᠯᠤᠯ᠎ᠠ ᠭᠡᠳ ᠬᠣᠶᠠᠭᠤᠯᠠᠨ ᠥᠭᠡᠳᠡ ᠡᠭᠡᠯᠵᠢᠯᠡᠨ ᠬᠠᠷᠠᠬᠤ ᠳ᠋ᠤ᠌  ᠴᠢᠭᠴᠢᠲᠡᠢ ᠡᠬᠢᠯᠡᠨ ᠣᠷᠣᠭᠰᠢ ᠠᠯᠬᠤᠵᠤ ᠂  ᠨᠠᠰᠢᠷ ᠪᠡᠬᠢ ᠲᠣᠰᠣᠨ ᠭᠠᠷᠪᠠ ᠃ ᠲᠡᠳᠡ ᠬᠠᠷᠢᠯᠴᠠᠨ ᠶᠣᠰᠣᠯᠠᠬᠤ ᠳ᠋ᠠᠭᠠᠨ ᠪᠡᠶ᠎ᠡ ᠪᠡᠶ᠎ᠡ ᠪᠡᠨ ᠰᠣᠨᠢᠷᠬᠠᠨ ᠠᠵᠢᠭ᠍ᠯᠠᠭᠰᠠᠨ ᠢ ᠥᠭᠦᠯᠡᠬᠦ ᠶᠠᠭᠤᠨ᠃  ᠨᠠᠰᠢᠷ ᠪᠡᠬᠢ ᠶ᠋ᠢᠨ ᠬᠤᠪᠢ ᠳ᠋ᠤ᠌  ᠣᠩᠬᠣᠳ ᠵᠠᠯᠠᠭᠤ ᠶ᠋ᠢᠨ ᠴᠢᠬᠡ ᠰᠢᠯᠦᠭᠤᠨ ᠬᠠᠷᠠᠴᠠ᠂ ᠡᠩ ᠦᠨ ᠡᠯᠢᠭᠡᠰᠡᠭ ᠪᠠᠢᠳᠠᠯ ᠲᠠᠭᠠᠲᠠᠢ ᠰᠠᠨᠠᠭᠳᠠᠭᠰᠠᠨ ᠪᠣᠯ  ᠴᠢᠭᠴᠢᠲᠡᠢ ᠳ᠋ᠦ᠍ ᠰᠢᠷᠢ  ᠶ᠋ᠢᠨ ᠤᠳᠤᠮᠲᠤ  ᠪᠠᠭᠠᠲᠤᠷ ᠤᠨ ᠣᠢ ᠰᠢᠨᠭᠭᠡᠭᠰᠡᠨ ᠭᠦᠨᠭᠭᠦᠷ ᠨᠢᠳᠦᠨ ᠦ᠌ ᠬᠠᠷᠠᠴᠠ ᠂ ᠪᠤᠭᠤᠷᠤᠯ ᠰᠠᠭᠤᠭᠰᠠᠨ ᠥᠳᠬᠡᠨ ᠬᠤᠤᠵᠠ ᠂ ᠨᠢᠭᠡ ᠬᠣᠶᠠᠷ ᠢ᠋ᠶ᠋ᠠᠷ ᠴᠦ᠍ ᠵᠣᠭᠰᠣᠬᠤ ᠦᠭᠡᠢ ᠰᠣᠷᠪᠢ ᠲᠠᠢ ᠠᠭᠤᠳᠠᠮ ᠮᠠᠩᠨᠠᠢ ᠨᠢ ᠨᠡᠩ ᠥᠭᠡᠷ᠎ᠡ ᠶᠢᠷᠲᠢᠨᠴᠦ ᠨᠡᠭᠡᠭᠡᠭᠳᠡᠬᠦ  ᠶ᠋ᠢ ᠪᠡᠯᠭᠡᠳᠡᠬᠦ ᠮᠡᠲᠦ ᠰᠠᠢᠬᠠᠨ ᠰᠡᠳᠬᠢᠭᠳᠡᠯ ᠲᠥᠷᠥᠭᠦᠯᠵᠦ ᠪᠢᠯᠡ ᠃ 
      ᠠᠷᠭᠠᠴᠢ  ᠶᠢᠨ ᠵᠠᠭᠤᠲᠤ᠂ ᠰᠦᠪᠡᠭᠡᠳᠡᠢ ᠶᠢᠨ ᠴᠡᠷᠢᠭ ᠦᠨ ᠰᠦᠯᠳᠡ ᠶᠢ ᠳᠤᠮᠳᠠ ᠪᠠᠨ ᠵᠠᠯᠠᠨ ᠬᠥᠳᠡᠯᠬᠦ ᠳ᠋ᠦ᠍ ᠬᠠᠷᠠᠩᠭᠤᠢ ᠶ᠋ᠢᠨ ᠳᠤᠮᠳᠠ ᠡᠵᠡᠨ ᠦᠭᠡᠢ ᠮᠡᠲᠦ ᠡᠯᠦᠢ ᠬᠤᠯᠤᠢ ᠣᠷᠬᠢᠭᠰᠠᠨ ᠬᠦᠷᠢᠶ᠎ᠡ ᠲᠦᠩᠰᠦᠢᠨ ᠬᠣᠴᠣᠷᠤᠯ᠎ᠠ᠃ ᠭᠡᠪᠡᠴᠦ ᠠᠳᠠ ᠰᠣᠷᠭᠣᠭ ᠬᠣᠷᠴᠢᠨ ᠨᠣᠭᠠᠳ ᠨᠢᠳᠦ ᠢᠷᠮᠡᠯ  ᠦᠭᠡᠢ ᠰᠣᠯᠪᠢᠴᠠᠨ ᠲᠣᠭᠣᠷᠢᠭᠰᠠᠭᠠᠷ ᠂ ᠮᠠᠩᠭᠤᠳ ᠤ᠋ᠨ  ᠰᠦᠰᠦ ᠶᠡᠬᠡᠲᠦ ᠳᠠᠢᠴᠢᠳ  ᠬᠤᠯᠤᠭᠠᠨ᠎ᠠ᠂ ᠵᠣᠷᠣᠮ᠎ᠠ ᠶ᠋ᠢᠨ ᠬᠦᠶᠦᠯᠳᠦᠬᠦ ᠶ᠋ᠢ ᠴᠦ᠍ ᠠᠯᠳᠠᠯ  ᠦᠭᠡᠢ  ᠠᠵᠢᠭ᠍ᠯᠠᠨ ᠡᠷᠭᠢᠴᠡᠵᠦ ᠪᠠᠢᠭ᠎ᠠ ᠶᠢ ᠲᠡᠷᠡ ᠪᠦᠷᠢ ᠦᠯᠦ ᠮᠡᠳᠡᠨᠡᠮ ᠵᠧ᠃