ᠪᠠᠢᠰᠢᠩ ᠪᠠᠷᠢᠶ᠎ᠠ-ᠬᠡᠦᠬᠡᠳ ᠤᠨ ᠳᠠᠭᠤᠤ байшин барья_Хүүхдийн дуу ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠢᠰᠢᠩ ᠪᠠᠷᠢᠶ᠎ᠠ-ᠬᠡᠦᠬᠡᠳ ᠤᠨ ᠳᠠᠭᠤᠤ байшин барья_Хүүхдийн дуу

ᠪᠠᠢᠰᠢᠩ ᠪᠠᠷᠢᠶ᠎ᠠ-ᠬᠡᠦᠬᠡᠳ ᠤᠨ ᠳᠠᠭᠤᠤ байшин барья_Хүүхдийн дуу

2023-06-14

336

ᠪᠠᠢᠰᠢᠩ ᠪᠠᠷᠢᠶ᠎ᠠ

ᠳᠥᠷᠪᠡᠨ ᠲᠠᠯ᠎ᠠ ᠲᠠᠢ

ᠳᠥᠷᠪᠡᠨ ᠥᠨᠴᠥᠭ ᠲᠡᠢ

ᠳᠥᠷᠪᠡᠯᠵᠢᠨ ᠳᠦᠷᠰᠦ  ᠪᠡᠷ

ᠪᠠᠢᠰᠢᠩ ᠪᠠᠷᠢᠶ᠎ᠠ

ᠳᠥᠷᠪᠡᠨ ᠬᠠᠨ᠎ᠠ ᠲᠠᠢ

ᠳᠥᠷᠪᠡᠨ ᠴᠣᠩᠬᠣ ᠲᠠᠢ

ᠳᠥᠷᠪᠡᠯᠵᠢᠨ ᠬᠡᠯᠪᠡᠷᠢ ᠲᠡᠢ

ᠪᠠᠢᠰᠢᠩ ᠪᠠᠷᠢᠶ᠎ᠠ ᠃

ᠳᠥᠷᠪᠡᠯᠵᠢᠨ ᠳᠥᠷᠪᠡᠯᠵᠢᠨ

ᠳᠥᠷᠪᠡᠨ ᠲᠠᠯ᠎ᠠ ᠲᠠᠢ

ᠳᠥᠷᠪᠡᠯᠵᠢᠨ ᠳᠥᠷᠪᠡᠯᠵᠢᠨ

ᠳᠥᠷᠪᠡᠨ ᠥᠨᠴᠥᠭ ᠲᠡᠢ

ᠳᠥᠷᠪᠡᠨ ᠬᠠᠨ᠎ᠠ ᠲᠠᠢ

ᠳᠥᠷᠪᠡᠨ ᠴᠣᠩᠬᠣ ᠲᠠᠢ

ᠳᠥᠷᠪᠡᠯᠵᠢᠨ ᠬᠡᠯᠪᠡᠷᠢ ᠲᠡᠢ

ᠪᠠᠢᠰᠢᠩ ᠪᠠᠷᠢᠶ᠎ᠠ

ᠭᠤᠷᠪᠠᠨ ᠲᠠᠯ᠎ᠠ ᠲᠠᠢ

ᠭᠤᠷᠪᠠᠨ ᠥᠨᠴᠥᠭ ᠲᠡᠢ

ᠭᠤᠷᠪᠠᠯᠵᠢᠨ ᠳᠦᠷᠰᠦ ᠪᠡᠷ

ᠳᠡᠭᠡᠪᠦᠷ ᠊ᠢ ᠨᠢ ᠪᠠᠷᠢᠶ᠎ᠠ

ᠭᠤᠷᠪᠠᠨ ᠬᠠᠨ᠎ᠠ ᠲᠠᠢ

ᠭᠤᠷᠪᠠᠨ ᠴᠣᠩᠬᠣ ᠲᠠᠢ

ᠭᠤᠷᠪᠠᠯᠵᠢᠨ ᠬᠡᠯᠪᠡᠷᠢ ᠲᠡᠢ

ᠳᠡᠭᠡᠪᠦᠷ ᠊ᠢ ᠨᠢ ᠪᠠᠷᠢᠶ᠎ᠠ

ᠭᠤᠷᠪᠠᠯᠵᠢᠨ ᠭᠤᠷᠪᠠᠯᠵᠢᠨ

ᠭᠤᠷᠪᠠᠨ ᠲᠠᠯ᠎ᠠ ᠲᠠᠢ

ᠭᠤᠷᠪᠠᠯᠵᠢᠨ ᠭᠤᠷᠪᠠᠯᠵᠢᠨ

ᠭᠤᠷᠪᠠᠨ ᠥᠨᠴᠥᠭ ᠲᠡᠢ

ᠭᠤᠷᠪᠠᠨ ᠬᠠᠨ᠎ᠠ ᠲᠠᠢ

ᠭᠤᠷᠪᠠᠨ ᠴᠣᠩᠬᠣ ᠲᠠᠢ

ᠭᠤᠷᠪᠠᠯᠵᠢᠨ ᠬᠡᠯᠪᠡᠷᠢ ᠲᠡᠢ

ᠳᠡᠭᠡᠪᠦᠷ   ᠊ᠢ ᠨᠢ ᠪᠠᠷᠢᠶ᠎ᠠ

ᠳᠥᠷᠪᠡᠨ ᠴᠣᠩᠬᠣ ᠲᠠᠢ

ᠳᠥᠷᠪᠡᠯᠵᠢᠨ ᠬᠠᠨᠠᠨ ᠳ᠋ᠤ᠌ ᠪᠠᠨ

ᠳᠤᠭᠤᠢ ᠳᠦᠷᠰᠦ ᠪᠡᠷ ᠬᠠᠭᠠᠯᠭ᠎ᠠ ᠬᠢᠶ᠎ᠡ

ᠭᠤᠷᠪᠠᠨ ᠴᠣᠩᠬᠣ ᠲᠠᠢ

ᠭᠤᠷᠪᠠᠯᠵᠢᠨ ᠳᠡᠭᠡᠪᠦᠷ ᠲᠦ᠍ ᠪᠡᠨ

ᠳᠤᠭᠤᠢ ᠬᠡᠯᠪᠡᠷᠢ ᠲᠡᠢ ᠭᠡᠷᠡᠯ ᠠᠰᠠᠭᠠᠶ᠎ᠠ

ᠳᠥᠷᠪᠡᠯᠵᠢᠨ ᠬᠡᠯᠪᠡᠷᠢ ᠲᠡᠢ

ᠳᠥᠷᠪᠡᠨ ᠬᠠᠨ᠎ᠠ ᠲᠠᠢ

ᠭᠤᠷᠪᠠᠯᠵᠢᠨ ᠳᠡᠭᠡᠪᠦᠷ ᠲᠡᠢ

ᠭᠤᠷᠪᠠᠨ ᠴᠣᠩᠬᠣ ᠲᠠᠢ

ᠳᠤᠭᠤᠢ ᠬᠠᠭᠠᠯᠭ᠎ᠠ ᠲᠠᠢ ᠳᠤᠭᠤᠢ ᠭᠡᠷᠡᠯ ᠲᠡᠢ

ᠳᠤᠯᠠᠭᠠᠬᠠᠨ ᠲᠣᠬᠢᠯᠢᠭ ᠪᠠᠢᠰᠢᠩ ᠪᠠᠷᠢᠶ᠎ᠠ

ᠳᠥᠷᠪᠡᠯᠵᠢᠨ ᠬᠡᠯᠪᠡᠷᠢ ᠲᠡᠢ

ᠳᠥᠷᠪᠡᠨ ᠬᠠᠨ᠎ᠠ ᠲᠠᠢ

ᠭᠤᠷᠪᠠᠯᠵᠢᠨ ᠳᠡᠭᠡᠪᠦᠷ ᠲᠡᠢ

ᠭᠤᠷᠪᠠᠨ ᠴᠣᠩᠬᠣ ᠲᠠᠢ

ᠳᠤᠭᠤᠢ ᠬᠠᠭᠠᠯᠭ᠎ᠠ ᠲᠠᠢ

ᠳᠤᠭᠤᠢ ᠭᠡᠷᠡᠯ ᠲᠡᠢ 

ᠳᠤᠯᠠᠭᠠᠬᠠᠨ ᠲᠣᠬᠢᠯᠢᠭ ᠪᠠᠢᠰᠢᠩ ᠪᠠᠷᠢᠶ᠎ᠠ

 

 

ᠦᠰᠦᠭ ᠠᠮᠢᠯᠠᠭᠤᠯᠤᠭᠰᠠᠨ ᠨᠢ ᠄ᠭᠠᠷᠮ᠎ᠠ

   ᠦᠰᠦᠭ ᠬᠠᠲᠠᠭᠰᠠᠨ ᠨᠢ᠄ᠭᠠᠸᠠ

ᠬᠢᠨᠠᠭᠴᠢ ᠪᠠᠭᠰᠢ᠄ ᠢᠷᠡᠭᠡᠳᠦᠢ