ᠠᠳᠤᠭᠤᠴᠢᠨ ᠰᠢᠪᠠᠭᠤ - ᠯ ᠂ ᠣᠳᠽᠠᠷ Адуучин шувуу – Л ᠂ Одзар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠳᠤᠭᠤᠴᠢᠨ ᠰᠢᠪᠠᠭᠤ - ᠯ ᠂ ᠣᠳᠽᠠᠷ Адуучин шувуу – Л ᠂ Одзар

ᠠᠳᠤᠭᠤᠴᠢᠨ ᠰᠢᠪᠠᠭᠤ - ᠯ ᠂ ᠣᠳᠽᠠᠷ Адуучин шувуу – Л ᠂ Одзар

2023-06-13

400

ᠠᠳᠤᠭᠤᠴᠢᠨ ᠰᠢᠪᠠᠭᠤ


      ᠯ ᠂  ᠣᠳᠽᠠᠷ 

 ᠬᠤᠷ ᠲᠡᠯ ᠳ᠋ᠡᠭᠡᠨ ᠡᠭᠦᠯᠡ ᠵᠠᠩᠭᠢᠳᠤᠮ᠎ᠠ 
 ᠬᠤᠷᠳᠤᠯᠠᠵᠤ ᠶᠠᠪᠤᠬᠤ ᠠᠳᠤᠭᠤᠨ ᠰᠦᠷᠦᠭ ᠢ᠋ 
 ᠬᠤᠰᠤᠨ ᠤᠷᠭᠠᠨ ᠳ᠋ᠠᠭᠠᠨ ᠠᠭᠤᠯᠠ ᠲᠣᠭᠲᠠᠭᠠᠮ᠎ᠠ 
 ᠬᠤᠷᠢᠶᠠᠵᠤ ᠶᠠᠪᠤᠬᠤ ᠮᠢᠨᠦ ᠠᠷᠤ ᠡᠴᠡ 
 ᠠᠳᠤᠭᠤᠴᠢᠨ ᠰᠢᠪᠠᠭᠤ ᠢᠰᠬᠡᠷᠴᠦ ᠶᠠᠪᠤᠨ᠎ᠠ 
 ᠠ ᠳ᠋ᠠ ᠂  ᠰᠠᠢᠬᠠᠨ ᠴᠦ᠍ ᠪᠠᠢᠨ᠎ᠠ ᠃  

 ᠨᠠᠭᠠᠳᠴᠤ ᠪᠠᠢᠬᠰᠠᠨ ᠬᠡᠭᠡᠷ᠎ᠡ ᠶ᠋ᠢᠨ ᠰᠠᠢᠬᠠᠨ ᠵᠡᠷᠭᠡᠯᠭᠡᠨ ᠢ᠋ 
 ᠨᠠᠳᠬᠤᠵᠤ ᠪᠠᠢᠭ᠎ᠠ ᠵᠡᠭᠡᠷ᠎ᠡ ᠠᠳᠠᠯᠢ ᠦᠷᠭᠦᠭᠡᠭᠡᠳ
 ᠨᠠᠢ᠍ᠮᠠᠨ ᠵᠢᠰᠦᠮ ᠦ᠋ᠨ ᠮᠢᠨᠦ ᠪᠠᠶᠠᠨ ᠰᠦᠷᠦᠭ
 ᠨᠠᠷᠠ ᠲᠠᠢ ᠲᠠᠯ᠎ᠠ ᠪᠠᠷ ᠡᠭᠦᠯᠡᠨ ᠳᠣᠣᠭᠤᠷ ᠦᠩᠭᠡᠷᠡᠬᠦ ᠳ᠋ᠦ᠍
 ᠠᠳᠤᠭᠤᠴᠢᠨ ᠰᠢᠪᠠᠭᠤ ᠢᠰᠬᠡᠷᠴᠦ ᠶᠠᠪᠤᠨ᠎ᠠ
 ᠠ ᠳ᠋ᠠ ᠂  ᠰᠠᠢᠬᠠᠨ ᠃  

 ᠠᠳᠤᠭᠤᠴᠢᠨ ᠭᠡᠳᠡᠭ ᠰᠠᠢᠬᠠᠨ ᠨᠡᠷ᠎ᠡ ᠶ᠋ᠢ ᠭᠤᠲᠤᠭᠠᠯ ᠦᠭᠡᠢ
 ᠠᠮᠢᠲᠤᠷᠠᠯ ᠭᠡᠳᠡᠭ ᠰᠠᠢᠨ ᠡᠷ᠎ᠡ ᠶ᠋ᠢ ᠭᠣᠮᠣᠳᠠᠭᠠᠯ ᠦᠭᠡᠢ
 ᠠᠯᠲᠠᠨ ᠳᠡᠯᠡᠬᠡᠢ ᠳ᠋ᠦ᠍ ᠭᠠᠯᠭᠢᠭᠤᠯᠵᠤ ᠶᠠᠪᠣᠭ᠎ᠠ ᠬᠥᠮᠦᠨ ᠪ ᠠᠷᠤ ᠡᠴᠡ
 ᠠᠳᠬᠤᠨ ᠴᠢᠨᠡᠭᠡ ᠪᠣᠯᠵᠣᠮᠣᠷ ᠬᠦᠷᠲᠡᠯ᠎ᠡ ᠨᠡᠬᠡᠵᠦ ᠶᠠᠪᠤᠨ᠎ᠠ ᠃ 
 ᠠ ᠳ᠋ᠠ ᠂  ᠰᠠᠢᠬᠠᠨ ᠴᠦ᠍ ᠪᠠᠢᠨ᠎ᠠ ! 
 ᠠᠮᠢᠲᠤᠷᠠᠯ ᠭᠡᠳᠡᠭ ᠴᠦ᠍ ᠰᠣᠨᠢᠬᠠᠨ ᠪᠠᠢᠨ᠎ᠠ !