ᠲᠣ᠂ ᠳᠡᠯᠭᠡᠷᠰᠠᠩ ᠤᠨ ᠵᠠᠳᠠᠭᠠᠢ ᠰᠢᠯᠦᠭ ᠦᠳ -3 Т ᠂ Дэлгэрсангийн задгай шүлгүүд -3
ᠲᠣ᠂ ᠳᠡᠯᠭᠡᠷᠰᠠᠩ ᠤᠨ ᠵᠠᠳᠠᠭᠠᠢ ᠰᠢᠯᠦᠭ ᠦᠳ -3
ᠤᠰᠤᠨ ᠳ᠋ᠠᠬᠢ ᠰᠠᠷ᠎ᠠ
1
ᠤᠰᠤᠨ ᠳ᠋ᠤ᠌ ᠰᠠᠷ᠎ᠠ ᠤᠷᠭᠤᠵᠤ ᠪᠠᠶ᠋ᠢᠨ᠎ᠠ
ᠤᠴᠢᠷ ᠦᠭᠡᠢ ᠰᠠᠢᠬᠠᠨ ᠬᠠᠷᠠᠭᠳᠠᠵᠤ ᠪᠠᠢᠨ᠎ᠠ ᠃
ᠭᠡᠪᠡᠴᠦ᠂ ᠠᠳᠬᠤᠭᠠᠳ ᠠᠪᠬᠤ ᠳ᠋ᠤ᠌ ᠠᠯᠠᠭ᠎ᠠ ᠶ᠋ᠢ ᠳᠠᠭᠠᠭᠠᠭᠰᠠᠨ ᠦᠭᠡᠢ᠃ ᠠᠮᠠ ᠪᠠᠷᠢᠵᠤ ᠭᠠᠰᠢᠭᠤᠳᠠᠬᠤ ᠶ᠋ᠢᠨ ᠬᠣᠭᠣᠷᠣᠨᠳᠣ ᠠᠷᠪᠠᠨ ᠲᠠᠰᠢ᠂ ᠵᠠᠭᠤᠨ ᠳᠠᠰᠢ ᠬᠡᠮᠬᠡᠷᠡᠵᠦ ᠪᠤᠲᠠᠷᠠᠭᠠᠳ ᠦᠯᠡᠳᠡᠭᠰᠡᠨ ᠶᠠᠭᠤᠮ᠎ᠠ ᠶᠠᠭᠤ ᠴᠤ᠌ ᠦᠭᠡᠢ ᠰᠦᠢᠷᠡᠪᠡ᠃
ᠶᠠᠭᠤ ⁈ ᠤᠰᠤᠨ ᠳ᠋ᠠᠬᠢ ᠰᠠᠷ᠎ᠠ ᠡᠢᠮᠦ ᠯᠡ ᠬᠡᠪᠡᠷᠡᠭ ᠵᠥᠭᠡᠯᠡᠨ ᠶᠦ᠍ᠮ ᠦᠦ ?
2
ᠤᠰᠤᠨ ᠳ᠋ᠤ᠌ ᠰᠠᠷ᠎ᠠ ᠤᠷᠭᠤᠵᠤ ᠪᠠᠢᠨ᠎ᠠ
ᠤᠴᠢᠷ ᠦᠭᠡᠢ ᠰᠠᠢᠬᠠᠨ ᠬᠡᠷᠡᠯᠳᠦᠵᠦ ᠪᠠᠢᠨ᠎ᠠ ᠃
ᠭᠡᠪᠡᠴᠦ ᠲᠡᠷᠡ ᠬᠠᠯᠠᠭᠤᠨ ᠴᠤ᠌ ᠪᠢᠰᠢ ᠂ ᠰᠡᠷᠢᠭᠦᠨ ᠴᠦ᠍ ᠪᠢᠰᠢ ᠃ ᠬᠠᠷᠢᠨ ᠲᠡᠭᠡᠭᠡᠳ ᠪᠠᠰᠠ ᠤᠰᠤᠨ ᠳᠤᠮᠳᠠ ᠲᠤᠨᠤᠯᠵᠠᠳᠠᠭ ᠲᠡᠳᠦᠢ ᠡᠴᠡ ᠪᠢᠰᠢ᠂ ᠤᠰᠤᠨ ᠤ᠋ ᠠᠭᠤᠳᠠᠮ ᠬᠡᠪᠡᠯᠢ ᠶ᠋ᠢ ᠣᠩᠭᠣᠢᠲᠠᠯ᠎ᠠ ᠭᠡᠷᠡᠯᠲᠦᠭᠦᠯᠵᠦ ᠴᠢᠳᠠᠳᠠᠭ ᠦᠭᠡᠢ᠃
ᠶᠠᠭᠤ ⁈ ᠤᠰᠤᠨ ᠳ᠋ᠠᠬᠢ ᠰᠠᠷ᠎ᠠ ᠂ ᠲᠡᠢᠮᠦ ᠯᠠ ᠦᠬᠡᠨᠴᠡ ᠳᠣᠷᠣᠢ ᠦᠦ ?
3
ᠤᠰᠤᠨ ᠳ᠋ᠤ᠌ ᠰᠠᠷ᠎ᠠ ᠤᠷᠭᠤᠵᠤ ᠪᠠᠢᠨ᠎ᠠ
ᠤᠴᠢᠷ ᠦᠭᠡᠢ ᠰᠠᠢᠬᠠᠨ ᠲᠤᠶᠠᠭᠠᠷᠠᠵᠤ ᠪᠠᠢᠨ᠎ᠠ ᠃
ᠭᠡᠪᠡᠴᠦ ᠲᠡᠷᠡ᠂ ᠰᠠᠯᠬᠢᠨ ᠤ᠋ ᠦᠯᠢᠶᠡᠯᠲᠡ ᠳ᠋ᠦ᠍ ᠤᠯᠠᠮ ᠢᠯᠡᠭᠦᠦ ᠭᠡᠷᠡᠯᠲᠦᠳᠡᠭ ᠰᠠᠨᠰᠠᠷ ᠤ᠋ᠨ ᠰᠠᠷ᠎ᠠ ᠲᠠᠢ ᠠᠳᠠᠯᠢ ᠦᠭᠡᠢ ᠂ ᠬᠠᠷᠢᠨ ᠰᠠᠯᠬᠢᠨ ᠤ᠋ ᠪᠠᠷ᠎ᠠ ᠶ᠋ᠢ ᠦᠵᠡᠵᠦ ᠴᠢᠳᠠᠬᠤ ᠦᠭᠡᠢ ᠰᠡᠪ ᠭᠠᠷᠴᠤ ᠬᠡᠮᠬᠡᠷᠡᠴᠢᠬᠡᠳ᠋ᠩ ᠡᠩᠬᠦᠷᠡᠢ ᠣᠷᠣᠭ᠎ᠠ ᠃
ᠤᠰᠤᠨ ᠳ᠋ᠠᠬᠢ ᠰᠠᠷᠠᠨ ᠳ᠋ᠤ᠌ ᠰᠣᠨᠢᠷᠬᠠᠯ ᠢ᠋ᠶ᠋ᠠᠨ ᠥᠭᠴᠦ ᠪᠣᠯᠬᠤ ᠠ᠋ᠴᠠ ᠪᠢᠰᠢ ᠂ ᠰᠢᠲᠦᠯᠭᠡ ᠪᠡᠨ ᠶᠠᠭᠠᠬᠢᠭᠰᠠᠨ ᠴᠤ᠌ ᠥᠭᠴᠦ ᠪᠣᠯᠬᠤ ᠦᠭᠡᠢ᠃
ᠮᠢᠨᠦ ᠭᠤᠷᠪᠠᠨ ᠬᠠᠨᠢ
ᠯᠠ
ᠥᠭᠡᠬᠦᠨ ᠯᠡ ᠦᠵᠡᠬᠦ ᠨᠢᠳᠦ ᠪᠡᠨ ᠲᠣᠷᠮᠣᠯᠵᠠᠭᠤᠯᠵᠤ ᠦᠳᠡᠰᠢ ᠶ᠋ᠢᠨ ᠭᠦᠨ ᠳ᠋ᠦ᠍ ᠨᠠᠳᠠ ᠲᠠᠢ ᠬᠠᠮᠲᠤ ᠨᠣᠢᠷ ᠬᠤᠯᠵᠢᠨ᠂ ᠲᠡᠷᠡ ᠨᠠᠳᠠ ᠶ᠋ᠢ ᠠᠵᠢᠭᠯᠠᠵᠤ ᠯᠠ ᠰᠠᠭᠤᠨ᠎ᠠ ᠃
ᠦᠷ ᠦ᠋ᠨ ᠭᠡᠭᠡ ᠶ᠋ᠢ ᠤᠭᠲᠤᠨ᠂ ᠡᠪᠯᠡᠭᠦᠯᠵᠦ ᠠᠮᠢᠯᠠᠭᠤᠯᠤᠭᠰᠠᠨ ᠮᠢᠨᠦ ᠨᠠᠢᠷᠠᠭ ᠤᠷᠠᠨ ᠪᠣᠯᠵᠣᠮᠣᠷ ᠰᠢᠭ᠋ ᠵᠢᠷᠭᠢᠵᠦ ᠨᠢᠰᠬᠦ ᠦᠶ᠎ᠡ ᠳ᠋ᠦ᠍ ᠥᠷᠭᠡᠯᠡᠯ ᠦᠭᠡᠢ ᠬᠠᠷᠠᠵᠤ ᠰᠠᠭᠤᠭᠰᠠᠨ ᠯᠠ ᠮᠢᠨᠢ ᠬᠠᠷᠢᠨ ᠦᠯᠡᠳᠡᠭᠰᠡᠨ ᠶᠠᠭᠤᠮ᠎ᠠ ᠦᠭᠡᠢ ᠬᠠᠢᠯᠵᠤ ᠠᠷᠢᠯᠤᠭᠠᠳ ᠂ ᠦᠵᠡᠬᠦ ᠨᠢᠳᠦ ᠪᠡᠨ ᠬᠠᠮᠬᠢᠪᠠ ᠃ ᠡᠭᠦᠷᠢᠳᠡ ᠬᠠᠮᠬᠢᠪᠠ ᠃ ᠭᠡᠪᠡᠴᠦ ᠲᠡᠭᠦᠨ ᠦ᠌ ᠭᠡᠷᠡᠯ ᠰᠠᠴᠤᠷᠠᠭᠰᠠᠨ ᠨᠢᠭᠡ ᠨᠠᠰᠤ ᠨᠢ ᠂ ᠮᠢᠨᠦ ᠨᠠᠢᠷᠠᠭ ᠤ᠋ᠨ ᠦᠰᠦᠭ ᠪᠦᠷᠢ ᠳ᠋ᠦ᠍ ᠰᠢᠩᠭᠡᠵᠦ ᠣᠷᠣᠭᠠᠳ ᠳᠠᠯᠠᠪᠴᠢ ᠪᠠᠨ ᠳᠡᠯᠭᠡᠭᠰᠡᠨ ᠢᠷᠠᠭᠤ ᠨᠠᠢᠷᠠᠭ ᠲᠠᠢ ᠮᠢᠨᠢ ᠬᠠᠮᠲᠤ ᠂ ᠳᠠᠶᠠᠩ ᠳᠡᠯᠡᠬᠡᠢ ᠳ᠋ᠦ᠍ ᠬᠠᠩᠭᠢᠨᠠᠭᠰᠠᠭᠠᠷ ᠨᠢᠰᠴᠦ ᠪᠠᠢᠨ᠎ᠠ ᠃
ᠭᠡᠷᠡᠯ ᠰᠢᠯᠦᠭ ᠬᠣᠶᠠᠷ ᠪᠣᠯ ᠬᠡᠵᠢᠶᠡᠳᠡ ᠠᠮᠢ ᠨᠢᠭᠡᠲᠡᠢ ᠠᠬ᠎ᠠ ᠳᠡᠭᠦᠦ ᠶᠦ᠍ᠮ !
ᠪᠢᠷ
ᠴᠠᠰᠤᠨ ᠳᠡᠭᠡᠷ᠎ᠡ ᠮᠣᠷᠢ ᠳᠣᠪᠲᠣᠯᠬᠤ ᠶᠤᠮᠰᠢᠭ ᠴᠠᠭᠠᠰᠤᠨ ᠳᠡᠭᠡᠷ᠎ᠡ ᠪᠢᠷ ᠳᠣᠪᠲᠣᠯᠵᠤ ᠶᠠᠪᠤᠨ᠎ᠠ᠃ ᠪᠢᠷ ᠦ᠋ᠨ ᠮᠥᠷ ᠴᠠᠭᠠᠰᠤᠨ ᠳᠡᠭᠡᠷ᠎ᠡ ᠪᠣᠳᠣᠭ ᠢ᠋ᠶ᠋ᠠᠷ ᠤᠭᠠᠯᠵᠠ ᠲᠡᠳᠡᠨ ᠦᠯᠡᠳᠡᠵᠦ ᠂ ᠦᠵᠡᠭᠰᠡᠨ ᠬᠥᠮᠦᠨ ᠪᠦᠬᠦᠨ ᠦ᠌ ᠦᠷᠦ ᠵᠢᠷᠦᠬᠡ ᠶ᠋ᠢ ᠲᠣᠭᠳᠣᠯᠵᠠᠭᠤᠯᠤᠨ ᠂ ᠬᠠᠷᠠᠭᠰᠠᠨ ᠬᠥᠮᠦᠨ ᠪᠦᠬᠦᠨ ᠦ᠌ ᠬᠠᠪᠲᠠᠭᠠᠢ ᠴᠡᠭᠡᠵᠢ ᠶ᠋ᠢ ᠭᠦᠪᠦᠯᠵᠡᠭᠦᠯᠦᠨᠡ ᠃ ᠬᠤᠷᠤᠭᠤᠨ ᠤ᠋ ᠠᠶ᠎ᠠ ᠪᠠᠷ ᠬᠠᠲᠠᠷᠢᠵᠤ ᠂ ᠬᠣᠯᠪᠣᠴᠠ ᠲᠠᠭᠠᠷᠠᠭᠰᠠᠨ ᠦᠭᠡ ᠶ᠋ᠢ ᠤᠷᠤᠰᠬᠠᠵᠤ ᠶᠠᠪᠤᠬᠤ ᠪᠢᠷ ᠦ᠋ᠨ ᠮᠥᠷ ᠂ ᠰᠣᠯᠢᠷ ᠮᠡᠲᠦ ᠥᠩᠭᠡᠷᠡᠬᠦ ᠢᠷᠠᠭᠤ ᠨᠠᠢᠷᠠᠭᠴᠢ ᠶ᠋ᠢᠨ ᠨᠢᠭᠡ ᠨᠠᠰᠤ ᠶ᠋ᠢ ᠰᠣᠩᠭᠢᠨ᠎ᠠ ᠶ᠋ᠢᠨ ᠤᠭ ᠠ᠋ᠴᠠ ᠴᠠᠭᠠᠨ ᠴᠠᠭᠠᠰᠤᠨ ᠳᠡᠭᠡᠷ᠎ᠡ ᠰᠤᠮᠤᠨ ᠦᠵᠦᠭᠦᠷ ᠲᠡᠢ ᠥᠨᠳᠥᠷ ᠠᠭᠤᠯᠠ ᠰᠢᠭ᠋ ᠪᠠᠲᠤ ᠰᠦᠨᠳᠡᠷᠯᠡᠭᠦᠯᠵᠦ ᠦᠯᠡᠳᠡᠭᠡᠳᠡᠭ ᠪᠢᠯᠡ!
ᠰᠠᠨᠳᠠᠯᠢ
ᠳᠠᠭᠤ ᠦᠭᠡᠢ ᠨᠣᠮᠣᠬᠠᠨ ᠰᠠᠨᠳᠠᠯᠢ ᠮᠢᠨᠢ ᠂ ᠳᠤᠷᠠᠰᠢᠯ ᠠ᠋ᠴᠠ ᠳ᠋ᠤ᠌ ᠪᠠᠨ ᠨᠠᠮᠠᠶ᠋ᠢ ᠳᠡᠭᠡᠷ᠎ᠡ ᠪᠡᠨ ᠡᠷᠭᠦᠭᠡᠳ ᠨᠠᠷᠠ ᠶ᠋ᠢ ᠦᠳᠡᠵᠦ ᠰᠠᠷ᠎ᠠ ᠶ᠋ᠢ ᠤᠭᠲᠤᠵᠤ ᠂ ᠰᠠᠷ᠎ᠠ ᠶ᠋ᠢ ᠦᠳᠡᠵᠦ ᠨᠠᠷᠠ ᠶ᠋ᠢ ᠤᠭᠲᠤᠭᠰᠠᠭᠠᠷ ᠢᠷᠡᠪᠡ ᠃ ᠡᠳᠦᠷ ᠦ᠋ᠨ ᠤᠳᠠᠭᠠᠨ ᠬᠣᠨᠣᠭ ᠤ᠋ᠨ ᠵᠤᠵᠠᠭᠠᠨ ᠳ᠋ᠤ᠌ ᠪᠣᠳᠣᠭ ᠨᠢ ᠤᠨᠠᠵᠤ ᠂ ᠥᠩᠭᠡ ᠨᠢ ᠪᠠᠭᠤᠷᠠᠭᠰᠠᠨ ᠪᠣᠯᠪᠠᠴᠤ᠂ ᠡᠵᠡᠨ ᠨᠠᠮᠠᠶ᠋ᠢ ᠪᠠᠨ ᠴᠥᠬᠥᠷᠡᠯ ᠦᠭᠡᠢ ᠡᠷᠭᠦᠨ ᠡᠷᠭᠦᠭᠰᠡᠭᠡᠷ ᠪᠠᠢᠭᠠᠳ ᠬᠥᠷᠥᠰᠥᠲᠦ ᠭᠠᠵᠠᠷ ᠳᠡᠭᠡᠷ᠎ᠡ ᠡᠴᠡ ᠣᠯᠤᠭᠰᠠᠨ ᠨᠡᠷ᠎ᠡ ᠶ᠋ᠢ ᠮᠢᠨᠢ ᠬᠥᠬᠡ ᠲᠡᠭᠷᠢ ᠶ᠋ᠢᠨ ᠲᠠᠩᠨᠠᠢ ᠪᠠᠷ ᠴᠤᠤᠷᠢᠶᠠᠲᠤᠭᠤᠯᠵᠤ ᠂ ᠰᠠᠨᠳᠠᠯᠢ ᠴᠢ ᠮᠢᠨᠢ ᠰᠠᠨᠠᠭᠠᠨ ᠳ᠋ᠠᠭᠠᠨ ᠲᠤᠯᠪᠠ ᠃ ᠰᠠᠢᠬᠠᠨ ᠪᠣᠳᠣᠪᠠᠯ ᠂ ᠪᠢ ᠴᠦ᠍ ᠰᠠᠨᠠᠭᠠᠨ ᠳ᠋ᠠᠭᠠᠨ ᠲᠤᠯᠪᠠ ᠃ ᠤᠴᠢᠷ ᠨᠢ ᠪᠢ ᠪᠣᠯ ᠬᠥᠮᠦᠨ ᠶᠦ᠍ᠮ ᠂ ᠤᠳᠬ᠎ᠠ ᠲᠠᠢ ᠠᠮᠢᠳᠤᠷᠠᠬᠤ ᠨᠢ ᠵᠦᠢᠲᠡᠢ ᠶᠦ᠍ᠮ ᠃
ᠨᠤᠲᠤᠭ ᠤ᠋ᠨ ᠮᠢᠨᠢ ᠠᠭᠤᠯᠠ ᠤᠰᠤ
ᠬᠦᠬᠡᠷᠡᠴᠢᠭ᠍ᠰᠡᠨ ᠥᠨᠳᠥᠷ ᠠᠭᠤᠯᠠᠰ ᠂ ᠬᠦᠷᠴᠢᠭᠢᠨᠡᠴᠢᠭ᠍ᠰᠡᠨ ᠭᠣᠣᠯ ᠮᠥᠷᠡᠨ ᠪᠣᠯ ᠮᠢᠨᠦ ᠨᠤᠲᠤᠭ ᠤ᠋ᠨ ᠠᠭᠤᠯᠠ ᠤᠰᠤ ᠠ᠋ ᠃ ᠨᠠᠮᠠᠶ᠋ᠢ ᠪᠦᠪᠡᠢᠯᠡᠭᠰᠡᠨ ᠥᠯᠥᠭᠡᠢ ! ᠠᠭᠤᠯᠠ ᠮᠢᠨᠢ ᠬᠠᠳᠠᠳ ᠢ᠋ᠶ᠋ᠠᠷ ᠢ᠋ᠶ᠋ᠠᠨ ᠬᠠᠨᠠᠢᠵᠤ ᠮᠣᠳᠣᠳ ᠢ᠋ᠶ᠋ᠠᠷ ᠢ᠋ᠶ᠋ᠠᠨ ᠬᠥᠬᠡᠷᠡᠭᠡᠳ ᠂ ᠤᠰᠤ ᠮᠢᠨᠢ ᠱᠤᠤᠭᠢᠶ᠎ᠠ ᠪᠠᠷ ᠢ᠋ᠶ᠋ᠠᠨ ᠬᠥᠭᠵᠢᠮᠳᠡᠵᠦ ᠂ ᠳᠣᠯᠭᠢᠶ᠎ᠠ ᠪᠠᠷ ᠢ᠋ᠶ᠋ᠠᠨ ᠮᠢᠷᠠᠯᠵᠠᠭᠠᠳ ᠨᠢᠳᠦᠨ ᠳ᠋ᠦ᠍ ᠳᠤᠯᠠᠭᠠᠬᠠᠨ ᠰᠡᠳᠬᠢᠯ ᠳ᠋ᠦ᠍ ᠬᠠᠯᠠᠭᠤᠬᠠᠨ ᠰᠠᠨᠠᠭᠳᠠᠳᠠᠭ ᠢ᠋ ᠶᠠᠭᠤᠨ ᠬᠡᠯᠡᠬᠦ ᠠᠵᠢ !
ᠥᠨᠳᠥᠷ ᠰᠠᠢᠬᠠᠨ ᠠᠭᠤᠯᠠᠨ ᠤ᠋ ᠮᠢᠨᠢ ᠮᠣᠳᠣ ᠪᠤᠷᠢ ᠨᠢ ᠨᠠᠮᠠᠶ᠋ᠢ ᠳᠠᠯᠠᠯᠵᠤ ᠵᠣᠭᠰᠣᠳᠠᠭ ᠠ᠋ ᠃ ᠥᠷᠭᠡᠨ ᠰᠠᠢᠬᠠᠨ ᠮᠥᠷᠡᠨ ᠦ᠌ ᠮᠢᠨᠢ ᠳᠣᠯᠭᠢᠶᠠᠨ ᠪᠦᠷᠢ ᠨᠢ ᠨᠠᠮᠠᠶ᠋ᠢ ᠰᠠᠷᠠᠪᠴᠢᠯᠠᠵᠤ ᠥᠨᠳᠡᠢᠳᠡᠭ ᠠ᠋ ᠃ ᠤᠤᠭᠤᠭᠰᠠᠨ ᠤᠰᠤ ᠤᠨᠠᠭᠰᠠᠨ ᠨᠤᠲᠤᠭ ᠭᠡᠵᠢ ᠂ ᠦᠷ᠎ᠡ ᠬᠡᠦᠬᠡᠳ ᠲᠡᠭᠡᠨ ᠡᠢᠮᠦ ᠯᠡ ᠬᠠᠢᠷᠠᠲᠠᠢ ᠲᠡᠢᠮᠦ ᠯᠠ ᠮᠥᠷᠥᠭᠡᠳᠦᠯᠲᠡᠢ ᠪᠠᠢᠳᠠᠭ ᠪᠣᠯᠬᠣᠷ ᠮᠣᠳᠣ ᠪᠦᠷᠢ ᠳ᠋ᠦ᠍ᠨᠢ ᠮᠢᠨᠦ ᠵᠢᠷᠦᠬᠡ ᠠᠷᠭᠠᠮᠵᠢᠭᠳᠠᠵᠤ ᠂ ᠳᠣᠯᠭᠢᠶᠠᠨ ᠪᠦᠷᠢ ᠳ᠋ᠦ᠍ᠨᠢ ᠮᠢᠨᠦ ᠰᠡᠳᠬᠢᠯ ᠰᠢᠵᠢᠮᠯᠡᠭᠳᠡᠭᠰᠡᠨ ᠪᠢᠯᠡ᠃
ᠡᠷᠦᠬᠡ ᠭᠡᠷ ᠦ᠋ᠨ ᠮᠢᠨᠢ ᠲᠦᠰᠢᠭ ᠪᠣᠯᠤᠭᠰᠠᠨ ᠥᠨᠳᠥᠷ ᠰᠠᠢᠬᠠᠨ ᠠᠭᠤᠯᠠᠰ ᠮᠢᠨᠢ ᠠ᠋ ! ᠪᠢ ᠴᠢᠨᠦ ᠨᠢᠷᠤᠭᠤ ᠭᠡᠳᠡᠢᠨ ᠬᠥᠬᠡᠷᠡᠩᠬᠡᠨ ᠪᠠᠢᠭ᠎ᠠ ᠮᠣᠳᠣᠳ ᠤ᠋ᠨ ᠴᠢᠨᠢ ᠨᠢᠭᠡ ᠨᠢ ᠪᠣᠯᠵᠤ ᠵᠣᠭᠰᠣᠭᠠᠳ ᠨᠠᠮᠠᠶ᠋ᠢ ᠳᠠᠯᠠᠯᠳᠠᠭ ᠣᠢ ᠲᠠᠢᠭ᠎ᠠ ᠶ᠋ᠢ ᠴᠢᠨᠢ ᠳᠠᠭᠠᠭᠤᠯᠵᠤ ᠴᠢᠨᠦ ᠰᠠᠢᠨ ᠰᠠᠢᠬᠠᠨ ᠢᠷᠡᠭᠡᠳᠦᠢ ᠶ᠋ᠢ ᠴᠤᠴᠠᠯᠲᠠ ᠦᠭᠡᠢ ᠳᠠᠯᠠᠯᠤᠶᠠ ᠂ ᠴᠢᠷᠮᠠᠢᠯᠭ᠎ᠠ ᠨᠢᠭᠡᠲᠡᠢ ᠬᠤᠷᠤᠢᠯᠠᠶ᠎ᠠ !
ᠥᠲᠡᠯᠦᠭᠰᠡᠨ ᠵᠠᠯᠠᠭᠤᠰ ᠤ᠋ᠨ ᠮᠢᠨᠢ ᠤᠮᠳᠠ ᠪᠣᠯᠤᠭᠰᠠᠨ ᠥᠷᠭᠡᠨ ᠰᠠᠢᠬᠠᠨ ᠮᠥᠷᠡᠨ ᠮᠢᠨᠢ ᠠ᠋ ︕ ᠪᠢ ᠴᠢᠨᠦ ᠬᠣᠯᠠ ᠶ᠋ᠢ ᠵᠣᠷᠢᠨ ᠦᠶᠡᠯᠵᠡᠩᠭᠡᠨ ᠪᠠᠢᠭ᠎ᠠ ᠤᠷᠤᠰᠬᠠᠯ ᠤ᠋ᠨ ᠴᠢᠨᠢ ᠳᠤᠰᠤᠯ ᠤᠰᠤ ᠨᠢ ᠪᠣᠯᠵᠤ ᠵᠢᠭᠰᠠᠭᠠᠳ ᠂ ᠮᠢᠨᠦ ᠬᠣᠢᠨ᠎ᠠ ᠡᠴᠡ ᠭᠦᠶᠦᠳᠡᠭ ᠳᠠᠪᠠᠯᠭᠠᠨ ᠳᠣᠯᠭᠢᠶᠠᠨ ᠢ᠋ ᠴᠢᠨᠢ ᠳᠠᠭᠠᠭᠤᠯᠵᠤ ᠴᠢᠨᠦ ᠵᠣᠯ ᠵᠢᠷᠭᠠᠯ ᠤ᠋ᠨ ᠲᠥᠯᠥᠭᠡ ᠵᠣᠭᠰᠣᠰᠢ ᠦᠭᠡᠢ ᠲᠡᠮᠡᠦᠯᠦᠶ᠎ᠡ ᠂ ᠵᠢᠪᠬᠤᠭ᠎ᠠ ᠲᠡᠭᠦᠯᠳᠡᠷ ᠤᠷᠤᠭᠰᠢᠯᠠᠶ᠎ᠠ !
ᠠᠭᠤᠯᠠ ᠮᠢᠨᠢ ᠤᠯᠠᠮ ᠬᠥᠬᠡᠷᠡᠬᠦ ᠨᠢ ᠯᠠᠪᠲᠠᠢ ᠂ ᠤᠰᠤ ᠮᠢᠨᠢ ᠤᠯᠠᠮ ᠬᠦᠷᠴᠢᠭᠢᠨᠡᠬᠦ ᠨᠢ ᠪᠠᠲᠤᠲᠠᠢ !
ᠪᠤᠯᠠᠭ ᠤ᠋ᠨ ᠤᠰᠤ
ᠪᠤᠯᠠᠭ ᠤ᠋ᠨ ᠤᠰᠤ ᠶ᠋ᠢ ᠪᠢ ᠬᠠᠢᠷᠠᠯᠠᠨ᠎ᠠ ᠃ ᠪᠣᠳᠣᠬᠤ ᠲᠤᠲᠤᠮ ᠪᠢ ᠪᠢᠰᠢᠷᠡᠨ᠎ᠡ ᠃
ᠪᠤᠯᠠᠭ ᠤ᠋ᠨ ᠤᠰᠤ ᠪᠠᠯᠭᠤ ᠲᠡᠳᠦᠢ ᠪᠣᠯᠪᠠᠴᠤ ᠰᠡᠳᠬᠢᠯ ᠳᠣᠲᠣᠷ᠎ᠠ ᠪᠠᠨ ᠶᠠᠭᠤ ᠴᠤ᠌ ᠦᠭᠡᠢ ᠴᠠᠢᠯᠭᠠᠨ ᠰᠠᠨᠠᠭ᠎ᠠ ᠲᠠᠢ ᠬᠥᠮᠦᠨ ᠶᠤᠮᠰᠢᠭ᠌ ᠬᠡᠵᠢᠶᠡᠳᠡ ᠲᠤᠩᠭᠠᠯᠠᠭ ᠢᠷᠣᠭᠠᠯ ᠢ᠋ᠶ᠋ᠠᠨ ᠪᠤᠰᠤᠳ ᠲᠤ᠌ ᠨᠢᠭᠤᠯ ᠦᠭᠡᠢ ᠪᠦᠬᠦᠨ ᠢ᠋ ᠦᠵᠡᠭᠦᠯᠵᠦ ᠪᠠᠢᠳᠠᠭ ᠃ ᠪᠤᠯᠠᠭ ᠤ᠋ᠨ ᠤᠰᠤᠨ ᠳ᠋ᠤ᠌ ᠪᠤᠯᠠᠩᠭᠢᠷ ᠦᠭᠡᠢ᠂ ᠪᠤᠵᠠᠷ ᠰᠠᠨᠠᠭ᠎ᠠ ᠨᠡᠩ ᠪᠠᠢᠳᠠᠭ ᠦᠭᠡᠢ !
ᠪᠤᠯᠠᠭ ᠤ᠋ᠨ ᠤᠰᠤ ᠣᠭᠣᠴᠢ ᠲᠡᠳᠦᠢ ᠪᠣᠯᠪᠠᠴᠤ ᠂ ᠪᠣᠳᠣᠯ ᠴᠡᠭᠡᠵᠢᠨ ᠳ᠋ᠡᠭᠡᠨ ᠲᠠᠮᠢᠷ ᠲᠠᠢ ᠡᠷ᠎ᠡ ᠬᠥᠮᠦᠨ ᠶᠤᠮᠰᠢᠭ᠌ ᠬᠠᠯᠠᠭᠤᠨ ᠨᠠᠷᠠᠨ ᠳ᠋ᠤ᠌ ᠬᠠᠳᠠᠳᠠᠭ ᠦᠭᠡᠢ᠂ ᠬᠠᠬᠢᠷ ᠬᠦᠢᠲᠡᠨ ᠳ᠋ᠦ᠍ ᠬᠥᠯᠳᠡᠳᠡᠭ ᠦᠭᠡᠢ ᠪᠤᠷᠭᠢᠯᠤᠨ ᠪᠤᠷᠭᠢᠯᠤᠨ ᠳᠡᠭᠡᠭᠰᠢ ᠣᠷᠭᠢᠯᠵᠤ ᠂ ᠪᠣᠭᠣᠭᠳᠠᠰᠢ ᠦᠭᠡᠢ ᠬᠠᠭᠠᠭᠳᠠᠰᠢ ᠦᠭᠡᠢ ᠥᠨᠳᠡᠢᠵᠦ ᠪᠠᠢᠳᠠᠭ ᠃ ᠪᠤᠯᠠᠭ ᠤ᠋ᠨ ᠤᠰᠤ ᠪᠣᠭᠣᠭᠳᠠᠰᠢ ᠦᠭᠡᠢ ᠂ ᠬᠠᠭᠠᠭᠳᠠᠰᠢ ᠦᠭᠡᠢ ᠪᠣᠳᠣᠭᠰᠠᠨ ᠳ᠋ᠠᠭᠠᠨ ᠬᠦᠷᠬᠦ ᠡᠴᠡ ᠨᠡᠰᠢ ᠵᠣᠭᠰᠣᠳᠠᠭ ᠦᠭᠡᠢ !
ᠪᠤᠯᠠᠭ ᠤ᠋ᠨ ᠤᠰᠤ ᠪᠢᠲᠡᠭᠦᠦ ᠲᠡᠳᠦᠢ ᠪᠣᠯᠪᠠᠴᠤ ᠂ ᠬᠠᠷᠠᠮᠴᠢ ᠦᠭᠡᠢ ᠥᠭᠯᠢᠭᠡᠴᠢ ᠬᠥᠮᠦᠨ ᠶᠤᠮᠰᠢᠭ᠌ ᠵᠢᠯ ᠦ᠋ᠨ ᠳᠥᠷᠪᠡᠨ ᠤᠯᠠᠷᠢᠯ ᠳ᠋ᠤ᠌ ᠵᠢᠭᠳᠡ ᠳ᠋ᠡᠭᠡᠨ ᠥᠪᠡᠷᠦᠨ ᠤᠰᠤ ᠪᠠᠨ ᠵᠦᠭ ᠪᠦᠷᠢ ᠳ᠋ᠦ᠍ ᠲᠦᠭᠡᠭᠡᠨ ᠥᠭᠴᠦ ᠂ ᠭᠣᠷᠣᠬ᠎ᠠ ᠶ᠋ᠢ ᠭᠤᠷᠴᠢᠭᠢᠨᠠᠭᠤᠯᠵᠤ ᠭᠣᠣᠯ ᠢ᠋ ᠬᠦᠷᠴᠢᠭᠢᠨᠡᠭᠦᠯᠵᠦ ᠪᠠᠢᠳᠠᠭ ᠃
ᠪᠤᠯᠠᠭ ᠤ᠋ᠨ ᠤᠰᠤ᠂ ᠪᠤᠰᠤᠳ ᠲᠤ᠌ ᠥᠭᠬᠦ ᠳ᠋ᠦ᠍ ᠬᠡᠵᠢᠶᠡᠳᠡ ᠲᠠᠲᠠᠭᠠᠯᠵᠠᠳᠠᠭ ᠦᠭᠡᠢ ᠂ ᠭᠡᠪᠡᠴᠦ ᠪᠤᠰᠤᠳ ᠠ᠋ᠴᠠ ᠭᠡᠳᠡᠷᠭᠦ ᠪᠡᠨ ᠠᠪᠬᠤ ᠶ᠋ᠢ ᠶᠠᠭ ᠮᠡᠳᠡᠳᠡᠭ ᠦᠭᠡᠢ ᠶᠦ᠍ᠮ !
ᠪᠤᠯᠠᠭ ᠤ᠋ᠨ ᠤᠰᠤ ᠶ᠋ᠢ ᠪᠢ ᠬᠠᠢᠷᠠᠯᠠᠨ᠎ᠠ ᠃ ᠪᠣᠳᠣᠬᠤ ᠲᠤᠲᠤᠮ ᠪᠢ ᠪᠢᠰᠢᠷᠡᠨ᠎ᠡ ᠃
