ᠲᠣ᠂ ᠳᠡᠯᠭᠡᠷᠰᠠᠩ ᠤᠨ ᠵᠠᠳᠠᠭᠠᠢ ᠰᠢᠯᠦᠭ ᠦᠳ -2 Т ᠂ Дэлгэрсангийн задгай шүлгүүд -2 ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣ᠂ ᠳᠡᠯᠭᠡᠷᠰᠠᠩ ᠤᠨ ᠵᠠᠳᠠᠭᠠᠢ ᠰᠢᠯᠦᠭ ᠦᠳ -2 Т ᠂ Дэлгэрсангийн задгай шүлгүүд -2

ᠲᠣ᠂ ᠳᠡᠯᠭᠡᠷᠰᠠᠩ ᠤᠨ ᠵᠠᠳᠠᠭᠠᠢ ᠰᠢᠯᠦᠭ ᠦᠳ -2 Т ᠂ Дэлгэрсангийн задгай шүлгүүд -2

2023-06-13

250

ᠲᠣ᠂ ᠳᠡᠯᠭᠡᠷᠰᠠᠩ ᠤᠨ ᠵᠠᠳᠠᠭᠠᠢ ᠰᠢᠯᠦᠭ ᠦᠳ -2


                ᠬᠦᠰᠡᠯ 

      ᠬᠥᠮᠦᠨ ᠭᠡᠳᠡᠭ ᠬᠠᠴᠢᠨ ᠶᠤᠮ ᠂ ᠬᠦᠰᠡᠯ ᠭᠡᠳᠡᠭ ᠰᠣᠨᠢᠬᠠᠨ ᠶᠤᠮ ᠃ 
      ᠲᠠᠵᠢ ᠮᠠᠩᠨᠤᠭ ᠢ᠋ ᠤᠷᠠᠯᠠᠭᠰᠠᠨ ᠮᠡᠲᠦ ᠴᠡᠴᠡᠭ ᠮᠢᠷᠠᠯᠵᠠᠵᠤ ᠲᠠᠨ᠎ᠠ ᠰᠤᠪᠤᠳ ᠢ᠋ ᠰᠠᠴᠤᠭᠰᠠᠨ ᠮᠡᠲᠦ ᠰᠦᠷᠦᠭ ᠪᠡᠯᠴᠢᠭᠰᠡᠨ ᠲᠠᠭᠠᠲᠠᠢ ᠠᠭᠤᠳᠠᠮ ᠲᠠᠯ᠎ᠠ ᠳᠡᠭᠡᠷ᠎ᠡ ᠪᠢ ᠲᠠᠪᠠ ᠬᠠᠨᠲᠠᠯ᠎ᠠ ᠳᠥᠷᠪᠡᠨ ᠵᠦᠭ ᠢ᠋ ᠰᠢᠷᠲᠡᠨ ᠵᠣᠭᠰᠣᠬᠤ ᠳ᠋ᠤ᠌ ᠲᠡᠷᠲᠡᠭᠡ ᠵᠡᠷᠭᠡᠯᠭᠡᠨ ᠦ᠌ ᠣᠷᠣᠢ ᠳᠡᠭᠡᠭᠦᠷ ᠬᠥᠬᠡᠷᠡᠨ ᠪᠤᠪᠠᠢᠵᠤ ᠂ ᠬᠡᠯᠡᠬᠦ ᠦᠭᠡᠢ ᠰᠠᠢᠬᠠᠨ ᠬᠠᠷᠠᠭᠳᠠᠬᠤ ᠳᠣᠪᠣ ᠶ᠋ᠢᠨ ᠣᠷᠣᠢ ᠥᠭᠡᠳᠡ ᠲᠡᠰᠴᠦ ᠶᠠᠳᠠᠭᠰᠠᠨ ᠬᠦᠰᠡᠯ ᠮᠢᠨᠢ ᠵᠢᠭᠦᠷ ᠢ᠋ᠶ᠋ᠡᠨ ᠳᠡᠪᠢᠯᠬᠢᠯᠡᠨ᠎ᠡ ᠃ 
      ᠬᠥᠮᠦᠨ ᠭᠡᠳᠡᠭ ᠬᠠᠴᠢᠨ ᠶᠤᠮ ᠂ ᠬᠦᠰᠡᠯ ᠭᠡᠳᠡᠭ ᠰᠣᠨᠢᠬᠠᠨ ᠶᠤᠮ᠃ 
      ᠳᠣᠪᠣ ᠳᠡᠭᠡᠷ᠎ᠡ ᠭᠠᠷᠴᠤ ᠳᠤᠷ᠎ᠠ ᠪᠠᠷ ᠪᠠᠷᠠᠯᠠᠨ ᠵᠣᠭᠰᠣᠬᠤ ᠳ᠋ᠤ᠌ ᠨᠢᠭᠡ ᠯᠡ ᠳᠣᠣᠷ᠎ᠠ ᠨᠢᠳᠦᠨ ᠬᠠᠷᠠᠭ᠎ᠠ ᠥᠷᠭᠡᠵᠢᠵᠦ ᠂ ᠨᠡᠯᠦᠭᠡᠷ ᠲᠠᠯ᠎ᠠ ᠠᠯᠤᠰ ᠬᠦᠷᠲᠡᠯ᠎ᠡ ᠴᠡᠯᠡᠢᠨ ᠬᠠᠷᠠᠭᠳᠠᠬᠤ ᠶᠤᠮ ᠃ ᠨᠠᠷᠢᠨ ᠭᠣᠷᠣᠬ᠎ᠠ ᠴᠠᠭᠠᠨ᠎ᠠ ᠭᠠᠷᠲᠠᠯ᠎ᠠ ᠴᠠᠢᠯᠵᠠᠨ ᠦᠵᠡᠭᠳᠡᠬᠦ ᠶᠦ᠍ᠮ ᠃ ᠨᠢᠭᠡ ᠮᠡᠳᠡᠬᠦ ᠳ᠋ᠦ᠍ ᠂ ᠨᠣᠮᠢᠨ ᠲᠡᠭᠷᠢ ᠶ᠋ᠢᠨ ᠬᠠᠶᠠᠭ᠎ᠠ ᠪᠠᠷ ᠡᠭᠦᠯᠡ ᠣᠷᠢᠶᠠᠨ ᠬᠥᠨᠳᠡᠯᠢᠰᠦᠨ ᠵᠣᠭᠰᠣᠬᠤ ᠦᠵᠦᠭᠦᠷ ᠨᠢ ᠬᠠᠷᠠᠭᠳᠠᠬᠤ ᠦᠭᠡᠢ ᠥᠨᠳᠥᠷ ᠠᠭᠤᠯᠠᠨ ᠤ᠋ ᠣᠷᠭᠢᠯ ᠥᠭᠡᠳᠡ ᠥᠪᠡᠷᠦᠨ ᠡᠷᠬᠡ ᠦᠭᠡᠢ ᠬᠦᠰᠡᠯ ᠮᠢᠨᠢ ᠵᠢᠭᠦᠷ ᠢ᠋ᠶ᠋ᠡᠨ ᠳᠡᠪᠢᠯᠬᠢᠯᠡᠨ᠎ᠡ ᠃ 
      ᠬᠥᠮᠦᠨ ᠭᠡᠳᠡᠭ ᠬᠠᠴᠢᠨ ᠶᠤᠮ ᠂ ᠬᠦᠰᠡᠯ ᠭᠡᠳᠡᠭ ᠰᠣᠨᠢᠬᠠᠨ ᠶᠤᠮ ᠃ 
      ᠣᠷᠭᠢᠯ ᠳᠡᠭᠡᠷ᠎ᠡ ᠭᠠᠷᠴᠤ ᠵᠣᠭᠰᠣᠮᠠᠭᠴᠠ ᠨᠢᠳᠦᠨ ᠬᠠᠷᠠᠭ᠎ᠠ ᠨᠢᠭᠡ ᠶᠢᠷᠲᠢᠨᠴᠦ ᠳᠦᠭᠦᠷᠴᠦ ᠂ ᠡᠨᠡ ᠨᠢ ᠴᠦ᠍ ᠬᠠᠷᠠᠭᠳᠠᠨ᠎ᠠ ᠃ ᠲᠡᠷᠡ ᠨᠢ ᠴᠦ᠍ ᠬᠠᠷᠠᠭᠳᠠᠨ᠎ᠠ ᠃ ᠥᠨᠳᠥᠷ ᠭᠡᠳᠡᠭ ᠰᠠᠢᠬᠠᠨ ᠯᠠ ᠪᠠᠢᠨ᠎ᠠ ᠂ ᠦᠵᠡᠬᠦ ᠬᠠᠷᠠᠴᠠ ᠶ᠋ᠢ ᠳᠠᠯᠠᠯᠵᠤ ᠯᠠ ᠪᠠᠢᠨ᠎ᠠ ᠂ ᠥᠨᠳᠥᠷ ᠦ᠋ᠨ ᠠᠮᠲᠠ ᠳ᠋ᠤᠨᠢ ᠣᠷᠣᠭᠰᠠᠨ ᠬᠦᠰᠡᠯ ᠮᠢᠨᠢ ᠭᠡᠨᠡᠳᠲᠡ ᠰᠤᠪᠤᠷᠭᠠᠯᠠᠬᠤ ᠡᠭᠦᠯᠡᠰ ᠦ᠋ᠨ ᠣᠷᠣᠢ ᠳᠡᠭᠡᠷᠡᠬᠢ ᠭᠦᠨ ᠴᠡᠩᠬᠡᠷ ᠣᠭᠲᠠᠷᠭᠤᠢ ᠶ᠋ᠢᠨ ᠲᠠᠩᠨᠠᠢ ᠥᠭᠡᠳᠡ ᠰᠣᠷᠢᠨᠵᠢᠨ ᠳ᠋ᠤ᠌ ᠲᠠᠲᠠᠭᠳᠠᠭᠰᠠᠨ ᠮᠡᠲᠦ ᠰᠤᠮᠤᠳᠠᠨ ᠨᠢᠰᠦᠯ᠎ᠡ ! 
      ᠬᠥᠮᠦᠨ ᠭᠡᠳᠡᠭ ᠬᠠᠴᠢᠨ ᠶᠤᠮ  ᠂ ᠬᠦᠰᠡᠯ ᠭᠡᠳᠡᠭ ᠰᠣᠨᠢᠬᠠᠨ ᠶᠤᠮ᠃ 

               ᠴᠡᠭᠡᠵᠢᠨ ᠳ᠋ᠦ᠍ ᠪᠠᠭᠲᠠᠭᠰᠠᠨ ᠲᠠᠯ᠎ᠠ 

      ᠲᠠᠪᠤᠨ ᠥᠩᠭᠡ ᠶ᠋ᠢᠨ ᠴᠡᠴᠡᠭ ᠊ᠢ ᠵᠡᠭᠦᠵᠦ  ᠪᠠᠢᠳᠠᠭ ᠢ᠋ᠶ᠋ᠠᠷ ᠢ᠋ᠶ᠋ᠠᠨ ᠲᠠᠯ᠎ᠠ ᠶ᠋ᠢᠨ ᠮᠢᠨᠢ ᠵᠢᠰᠦ ᠭᠣᠶᠣᠬᠠᠨ ᠶᠤᠮ᠃ ᠲᠣᠭᠠᠯᠠᠰᠢ ᠦᠭᠡᠢ ᠣᠯᠠᠨ ᠠᠮᠢᠲᠠᠨ ᠤᠷᠭᠤᠮᠠᠯ ᠊ᠢ ᠪᠠᠭᠲᠠᠭᠠᠵᠤ ᠪᠠᠢᠳᠠᠭ ᠢ᠋ᠶ᠋ᠠᠷ ᠢ᠋ᠶ᠋ᠠᠨ ᠲᠠᠯ᠎ᠠ ᠶ᠋ᠢᠨ ᠮᠢᠨᠢ ᠡᠪᠦᠷ ᠶᠡᠬᠡ ᠶᠦ᠍ᠮ ᠃ ᠲᠦᠮᠡᠨ ᠡᠷ᠎ᠡ ᠴᠦ᠍ ᠳᠠᠭᠠᠭᠠᠵᠤ ᠴᠢᠳᠠᠬᠤ ᠦᠭᠡᠢ ᠠᠭᠤᠯᠠ ᠨᠢᠷᠤᠭᠤᠳ ᠢ᠋ ᠡᠷᠭᠦᠵᠦ ᠪᠠᠢᠳᠠᠭ ᠢ᠋ᠶ᠋ᠠᠷ ᠢ᠋ᠶ᠋ᠠᠨ ᠲᠠᠯ᠎ᠠ ᠶ᠋ᠢᠨ ᠮᠢᠨᠢ ᠮᠥᠷᠥ ᠬᠦᠴᠦ ᠲᠠᠷ ᠶᠤᠮ ᠃ 
      ᠲᠠᠯ᠎ᠠ ᠮᠢᠨᠢ ᠬᠣᠣᠰ ᠦᠭᠡᠢ ᠰᠠᠢᠬᠠᠨ ᠶᠤᠮ ᠂ ᠲᠡᠭᠡᠭᠡᠳ ᠮᠢᠨᠦ ᠥᠯᠥᠭᠡᠢ ᠶᠦ᠍ᠮ᠃ 
      ᠪᠢ ᠂ ᠬᠥᠳᠡᠭᠡ ᠲᠠᠯ᠎ᠠ ᠶ᠋ᠢᠨ ᠨᠣᠭᠣᠭᠠᠨ ᠬᠥᠷᠥᠰᠥ ᠶ᠋ᠢ ᠬᠥᠨᠳᠡᠨ ᠪᠠᠢᠵᠤ᠂ ᠬᠥᠯ ᠳ᠋ᠦ᠍ ᠣᠷᠣᠭᠠᠳ ᠬᠥᠮᠦᠨ ᠪᠣᠯᠤᠭᠰᠠᠨ ᠠ᠋ᠴᠠ ᠬᠣᠢᠰᠢ ᠡᠨᠡ ᠪᠡᠶ᠎ᠡ ᠮᠢᠨᠢ ᠥᠪᠡᠷᠦᠨ ᠡᠷᠬᠡ ᠦᠭᠡᠢ ᠲᠠᠯ᠎ᠠ ᠶ᠋ᠢᠨ ᠰᠢᠷᠬᠡᠭ ᠡᠪᠡᠰᠦ ᠂ ᠲᠠᠯ᠎ᠠ ᠶ᠋ᠢᠨ ᠮᠥᠬᠥᠯᠢᠭ ᠰᠢᠷᠣᠢ᠂ ᠲᠠᠯ᠎ᠠ ᠶ᠋ᠢᠨ ᠰᠠᠭᠤᠷᠢ ᠮᠣᠳᠣ ᠂ ᠲᠠᠯ᠎ᠠ ᠶ᠋ᠢᠨ ᠨᠢᠭᠡ ᠨᠢ ᠡᠷᠡᠭᠡᠯᠵᠡᠰᠢ ᠦᠭᠡᠢ ᠪᠣᠯᠤᠭᠰᠠᠨ ᠶᠤᠮ᠂ ᠡᠭᠦᠨ ᠳ᠋ᠡᠭᠡᠨ ᠴᠦ᠍ ᠪᠢ ᠣᠮᠣᠭᠰᠢᠳᠠᠭ ᠶᠤᠮ ᠃ ᠭᠡᠯ᠎ᠡ ᠴᠦ᠍ ᠪᠢ ᠲᠠᠯ᠎ᠠ ᠶ᠋ᠢᠨ ᠰᠢᠷᠬᠡᠭ ᠡᠪᠡᠰᠦ ᠪᠣᠯᠤᠭᠰᠠᠨ ᠴᠤ᠌ ᠂ ᠲᠠᠯ᠎ᠠ ᠮᠢᠨᠢ ᠠᠭᠤᠯᠠ ᠲᠠᠢ ᠪᠠᠨ᠂ ᠤᠰᠤ ᠲᠠᠢ ᠪᠠᠨ᠂ ᠤᠷᠭᠤᠮᠠᠯ ᠲᠠᠢ ᠪᠠᠨ᠂ ᠬᠥᠷᠥᠰᠥ ᠲᠡᠢ ᠪᠡᠨ ᠦᠯᠡᠳᠡᠯ ᠦᠭᠡᠢ ᠪᠦᠷ ᠮᠢᠨᠦ ᠡᠪᠴᠢᠭᠦᠦ ᠴᠡᠭᠡᠵᠢᠨ ᠳᠣᠲᠣᠷ᠎ᠠ ᠡᠭᠦᠷᠢᠳᠡ ᠭᠠᠷᠤᠯ ᠦᠭᠡᠢ ᠮᠥᠩᠬᠡ ᠡᠷᠭᠢᠯᠳᠦᠵᠦ ᠡᠩᠬᠡ ᠲᠣᠭᠲᠠᠨᠢᠵᠤ ᠪᠠᠢᠳᠠᠭ ᠶᠤᠮ ᠃ 
      ᠲᠠᠯ᠎ᠠ ᠮᠢᠨᠢ ᠴᠡᠭᠡᠵᠢᠨ ᠳ᠋ᠦ᠍ ᠪᠠᠢᠨ᠎ᠠ᠂ ᠲᠡᠭᠡᠭᠡᠳ ᠨᠠᠳᠠᠳᠤ ᠬᠦᠴᠦ ᠥᠭᠴᠦ ᠪᠠᠢᠨ᠎ᠠ ! 

               ᠪᠢᠯᠢᠭ ᠦ᠋ᠨ ᠰᠠᠷᠠᠯ ᠮᠢᠨᠢ 
                             –– ᠰᠤᠷᠭᠠᠭᠤᠯᠢ ᠶ᠋ᠢᠨ ᠠᠰᠠᠷ ᠤ᠋ᠨ ᠡᠮᠦᠨᠡᠬᠢ 《 ᠪᠢᠯᠢᠭ ᠦ᠋ᠨ
                             ᠵᠢᠯᠣᠭᠣ 》ᠭᠡᠳᠡᠭ ᠰᠠᠷᠠᠯ ᠮᠣᠷᠢᠲᠠᠢ ᠬᠥᠮᠦᠨ ᠦ᠌ ᠱᠤᠭᠤᠮᠠᠯ ᠳ᠋ᠤ᠌ 

      ᠪᠢᠯᠢᠭ ᠦ᠋ᠨ ᠰᠠᠷᠠᠯ ᠮᠢᠨᠢ ᠬᠥᠨᠲᠡᠷ ᠠ᠋ ᠂ ᠬᠥᠨᠲᠡᠷ ! 
      ᠪᠢᠳᠡᠷᠢᠶᠠᠨ ᠣᠭᠲᠠᠷᠭᠤᠢ ᠥᠭᠡᠳᠡ ᠳᠡᠭᠦᠯᠢ ᠠ᠋ ᠂ ᠳᠡᠭᠦᠯᠢ ! 
      ᠮᠠᠩᠨᠤᠭ ᠲᠠᠯ᠎ᠠ ᠳ᠋ᠤ᠌ ᠪᠡᠯᠴᠢᠭᠡᠷ ᠲᠡᠢ ᠮᠣᠩᠭᠣᠯ ᠮᠣᠷᠢᠨ ᠤ᠋ ᠰᠢᠨᠵᠢ ᠶ᠋ᠢ ᠲᠡᠭᠦᠰ ᠬᠠᠳᠠᠭᠠᠯᠠᠭᠰᠠᠨ ᠪᠢᠯᠢᠭ ᠦ᠋ᠨ ᠰᠠᠷᠠᠯ ᠮᠣᠷᠢ ᠮᠢᠨᠢ ᠂ ᠬᠥᠭᠵᠢᠬᠦ ᠭᠠᠯ ᠤ᠋ᠨ ᠰᠤᠷ ᠢ᠋ ᠳᠡᠯ ᠳᠡᠭᠡᠷ᠎ᠡ ᠪᠡᠨ ᠳᠦᠷᠡᠯᠵᠡᠭᠦᠯᠵᠦ ᠂ ᠬᠤᠢ ᠰᠠᠯᠬᠢᠨ ᠤ᠋ ᠬᠤᠷᠳᠤᠨ ᠢ᠋ ᠬᠣᠮᠪᠤᠨ ᠲᠤᠭᠤᠷᠠᠢ ᠳ᠋ᠠᠭᠠᠨ ᠱᠤᠤᠭᠢᠭᠤᠯᠤᠭᠠᠳ ᠲᠠᠯ᠎ᠠ ᠶ᠋ᠢᠨ ᠬᠡᠦᠬᠡᠳ ᠦ᠋ᠨ ᠨᠣᠮ ᠤ᠋ᠨ ᠥᠷᠥᠭᠡ –– ᠲᠠᠨᠠᠨ ᠴᠠᠭᠠᠨ ᠥᠨᠳᠥᠷ ᠠᠰᠠᠷ ᠤ᠋ᠨ ᠡᠭᠦᠳᠡᠨ ᠡᠴᠡ ᠲᠠᠨᠢᠬᠤ ᠦᠭᠡᠢ ᠬᠣᠯᠠ ᠪᠡᠯᠴᠢᠭᠡᠷ –– ᠬᠥᠬᠡ ᠲᠡᠭᠷᠢ ᠶ᠋ᠢᠨ ᠠᠭᠤᠳᠠᠮ ᠲᠠᠩᠨᠠᠢ ᠵᠦᠭ ᠬᠦᠢ ᠬᠠᠢ ᠦᠭᠡᠢ ᠬᠦᠨᠲᠡᠷᠬᠦ ᠪᠡᠷ ᠴᠤᠪᠬᠤᠴᠠᠵᠤ ᠪᠠᠢᠭ᠎ᠠ ᠶ᠋ᠢ ᠦᠵᠡᠬᠦ ᠦᠭᠡᠢ ‍ᠦᠦ ? ᠬᠥᠷᠥᠰᠥᠲᠦ ᠭᠠᠵᠠᠷ ᠳᠡᠭᠡᠷ᠎ᠡ ᠡᠪᠦᠳᠦᠭ ᠰᠢᠷᠣᠢᠳᠠᠵᠤ ᠦᠵᠡᠭᠡ ᠦᠭᠡᠢ ᠬᠦᠴᠦᠲᠦ ᠪᠥᠬᠡ ᠰᠢᠭ ᠲᠠᠰᠢᠶᠠᠯᠳᠤᠵᠤ ᠰᠠᠭᠤᠭᠰᠠᠨ ᠡᠵᠡᠨ ᠦ᠌ ᠬᠢᠨᠢ ᠬᠦᠳᠡᠷ ᠰᠦᠷᠯᠢᠭ ᠳᠦᠷᠢ ᠶ᠋ᠢ ᠬᠠᠷᠠᠬᠤ ᠦᠭᠡᠢ ‍ᠦᠦ? ᠠᠭᠠᠷ ᠥᠭᠡᠳᠡ ᠳᠡᠭᠦᠯᠢᠭᠰᠡᠨ ᠮᠣᠷᠢ ᠨᠢ ᠴᠠᠭ ᠦᠶ᠎ᠡ ᠶ᠋ᠢᠨ ᠴᠣᠭ ᠵᠢᠪᠬᠤᠭ᠎ᠠ ᠃ ᠠᠮᠠᠭᠠᠢ ᠳᠠᠷᠤᠵᠤ ᠰᠠᠭᠤᠭᠰᠠᠨ ᠡᠵᠡᠨ ᠨᠢ ᠵᠠᠯᠠᠭᠤᠴᠤᠳ ᠪᠢᠳᠡᠨ ᠦ᠌ ᠴᠣᠭ ᠵᠢᠪᠬᠤᠭ᠎ᠠ ᠃ 
      ᠶᠠᠭᠠᠬᠢᠭᠰᠠᠨ ᠬᠡᠴᠡᠭᠦᠦ ᠴᠢᠨᠰᠠᠭ᠎ᠠ ᠲᠠᠢ ᠮᠣᠷᠢ ᠭᠡᠭᠴᠢ ᠲᠡᠷᠡ ᠪᠣᠢ ! 
      ᠶᠠᠮᠠᠷ ᠮᠤᠨᠳᠠᠭ ᠵᠣᠷᠢᠭ ᠲᠠᠢ ᠵᠠᠯᠠᠭᠤ ᠭᠡᠭᠴᠢ ᠡᠨᠡ ᠪᠣᠢ ! 
      ᠮᠣᠷᠢ ᠨᠢ ᠦᠦᠷᠰᠡᠬᠦ ᠳᠠᠭᠤ ᠪᠠᠨ ᠣᠳᠣᠨ ᠳᠡᠭᠡᠷ᠎ᠡ ᠴᠤᠤᠷᠢᠶᠠᠲᠤᠭᠤᠯᠬᠤ ᠭᠡᠵᠦ ᠪᠣᠳᠣᠬᠤ ᠳ᠋ᠤ᠌᠂ ᠡᠵᠡᠨ ᠨᠢ ᠡᠷᠭᠦᠭᠰᠡᠨ ᠨᠡᠷ᠎ᠡ ᠪᠡᠨ ᠰᠠᠷᠠᠨ ᠳᠡᠭᠡᠷ᠎ᠡ ᠲᠡᠮᠳᠡᠭᠯᠡᠶ᠎ᠡ ᠭᠡᠵᠦ ᠰᠠᠨᠠᠬᠤ ᠦᠭᠡᠢ ᠭᠡᠵᠢ ᠦᠦ︖ 
      ᠪᠢᠯᠢᠭ ᠦ᠋ᠨ ᠰᠠᠷᠠᠯ ᠮᠢᠨᠢ ᠬᠥᠨᠲᠡᠷ ᠠ᠋ ᠂ ᠬᠥᠨᠲᠡᠷ ! 
      ᠪᠢᠨᠲᠠᠷᠢᠶᠠᠨ ᠣᠭᠲᠠᠷᠭᠤᠢ ᠥᠭᠡᠳᠡ ᠳᠡᠭᠦᠯᠢ ᠠ᠋ ᠂ ᠳᠡᠭᠦᠯᠢ ! 
      ᠲᠥᠷᠥᠭᠰᠡᠨ ᠴᠠᠭ ᠠ᠋ᠴᠠ ᠪᠠᠨ ᠠᠪᠤᠭᠠᠳ ᠮᠣᠷᠢᠨ ᠤ᠋ ᠨᠢᠷᠤᠭᠤᠨ ᠳ᠋ᠤ᠌ ᠰᠠᠭᠤᠵᠤ ᠲᠠᠯ᠎ᠠ ᠶ᠋ᠢᠨ ᠠᠭᠤᠳᠠᠮ ᠢ᠋ ᠬᠡᠮᠵᠢᠵᠦ ᠶᠠᠪᠤᠭᠰᠠᠨ ᠮᠣᠩᠭᠣᠯᠴᠤᠳ᠂ ᠠᠭᠲᠠ ᠬᠦᠯᠦᠭ ᠦ᠋ᠨ ᠢ᠋ᠶ᠋ᠡᠨ ᠠᠲᠠᠷ ᠢ᠋ ᠲᠠᠢᠪᠠᠯᠵᠠᠭᠤᠯᠵᠤ ᠳᠠᠪᠬᠢᠭᠰᠠᠨ ᠮᠥᠷ ᠳᠠᠭᠠᠤ ᠂ ᠠᠪᠤ ᠶ᠋ᠢᠨ  ᠬᠦᠦ ᠶ᠋ᠢᠨ ᠠᠯᠳᠠᠷ ᠨᠡᠷ᠎ᠡ ᠪᠡᠨ ᠠᠯᠢ ᠣᠯᠠᠨ ᠲᠠᠨᠢᠬᠤ ᠲᠠᠨᠢᠬᠤ ᠦᠭᠡᠢ ᠬᠥᠮᠦᠨ ᠦ᠌ ᠵᠢᠷᠦᠬᠡᠨ ᠳ᠋ᠦ᠍ ᠰᠡᠢᠯᠵᠦ ᠶᠠᠪᠤᠭᠰᠠᠨ ᠲᠡᠦᠬᠡ ᠲᠠᠢ ᠶᠤᠮ ᠃ ᠭᠡᠪᠡᠴᠦ ᠲᠡᠷᠡ ᠪᠣᠯ ᠬᠥᠷᠥᠰᠥᠨ ᠳᠣᠣᠷ᠎ᠠ  ᠨᠣᠢᠷᠰᠤᠭᠰᠠᠨ ᠬᠥᠭᠰᠢᠨ ᠪᠤᠭᠤᠷᠤᠯ ᠡᠪᠦᠭᠡᠳ ᠦ᠋ᠨ ᠮᠢᠨᠢ ᠬᠥᠮᠦᠨ ᠦ᠌ ᠶᠢᠷᠲᠢᠨᠴᠦ ᠳ᠋ᠦ᠍ ᠳᠤᠷᠠᠰᠬᠠᠯ ᠪᠣᠯᠭᠠᠭᠰᠠᠨ ᠦᠯᠢᠭᠡᠷ ᠳ᠋ᠩ ᠁ 
      ᠪᠢᠳᠡᠨ ᠦ᠌ ᠨᠠᠷᠠ ᠮᠠᠨᠳᠤᠵᠤ ᠪᠠᠢᠨ᠎ᠠ ᠂ ᠪᠢᠳᠡᠨ ᠦ᠌ ᠴᠠᠭ ᠦᠶ᠎ᠡ ᠡᠬᠢᠯᠡᠵᠦ ᠪᠠᠢᠨ᠎ᠠ ᠃ ᠪᠢᠯᠢᠭ ᠦ᠋ᠨ ᠰᠠᠷᠠᠯ ᠮᠢᠨᠢ ᠂ ᠪᠢᠳᠡᠨ ᠦ᠌ ᠬᠦᠯᠦᠭ ᠮᠢᠨᠢ ! ᠡᠪᠡᠰᠦᠲᠦ ᠲᠠᠯ᠎ᠠ ᠶ᠋ᠢᠨ ᠪᠡᠯᠴᠢᠭᠡᠷ ᠡᠴᠡ ᠪᠡᠨ ᠣᠳᠣᠲᠤ ᠲᠡᠭᠷᠢ ᠶ᠋ᠢᠨ ᠪᠡᠯᠴᠢᠭᠡᠷ ᠥᠭᠡᠳᠡ ᠳᠡᠭᠦᠯᠢᠵᠦ᠂ ᠠᠲᠠᠷ ᠤ᠋ᠨ ᠠᠯᠠᠭ ᠪᠤᠯᠠᠭ ᠠᠳᠤᠭᠤᠨ ᠰᠦᠷᠦᠭ ᠡᠴᠡ ᠪᠡᠨ  ᠠᠭᠠᠷ ᠤ᠋ᠨ ᠠᠨᠳᠠᠭᠤᠷᠠᠮ᠎ᠠ ᠨᠢᠭᠡ ᠯᠡ ᠵᠢᠰᠦᠮ ᠦ᠋ᠨ《ᠰᠠᠷᠠᠯ ᠮᠣᠷᠢᠳ 》 ᠲᠠᠢ ᠰᠦᠷᠦᠭ ᠨᠡᠢᠯᠡᠬᠦ ᠪᠡᠷ ᠦᠦᠷᠰᠡᠵᠦ ᠪᠠᠶ᠋ᠢᠨ᠎ᠠ᠂ ᠬᠦᠨᠲᠡᠷᠴᠦ ᠪᠠᠢᠨ᠎ᠠ ᠃ ᠳᠡᠭᠡᠷ᠎ᠡ ᠨᠢ ᠴᠢᠪ ᠪᠠᠭᠤᠲᠠᠯ᠎ᠠ ᠰᠠᠭᠤᠭᠰᠠᠨ ᠮᠣᠩᠭᠣᠯ ᠵᠠᠯᠠᠭᠤ ᠂ ᠳᠡᠪᠲᠡᠷ ᠢ᠋ᠶ᠋ᠡᠷ ᠳᠤᠷᠠᠨ ᠪᠣᠯᠭᠠᠵᠤ ᠳᠡᠭᠡᠭᠰᠢᠯᠡᠬᠦ ᠪᠡᠷ ᠬᠠᠷᠠᠯᠲᠠ ᠪᠣᠯᠭᠠᠭᠠᠳ᠂ ᠬᠥᠪᠡᠭᠡ ᠬᠢᠵᠠᠭᠠᠷ ᠦᠭᠡᠢ ᠠᠭᠤᠳᠠᠮ ᠶᠡᠬᠡ ᠪᠡᠷ ᠢ᠋ᠶ᠋ᠡᠨ ᠠᠳᠠᠯᠢ᠂  ᠬᠥᠪ ᠬᠥᠬᠡ ᠰᠠᠢᠬᠠᠨ ᠥᠩᠭᠡ ᠪᠡᠷ ᠢ᠋ᠶ᠋ᠡᠨ ᠢᠵᠢᠯ ᠂  ᠪᠠᠰᠠ ᠨᠢᠭᠡ ᠲᠠᠯ᠎ᠠ ᠨᠤᠲᠤᠭ –– ᠳᠡᠭᠡᠳᠦ ᠲᠩᠷᠢ ᠶ᠋ᠢᠨ ᠣᠷᠣᠨ ᠳ᠋ᠤ᠌ ᠣᠲᠣᠷᠯᠠᠵᠤ ᠣᠴᠢᠬᠤ ᠪᠠᠷ ᠵᠣᠷᠢᠵᠤ ᠪᠠᠶ᠋ᠢᠨ᠎ᠠ᠂ ᠥᠨᠳᠡᠢᠵᠦ ᠪᠠᠶ᠋ᠢᠨ᠎ᠠ ᠃ 
      ᠶᠠᠭᠠᠬᠢᠭᠰᠠᠨ ᠬᠡᠴᠡᠭᠦᠦ ᠴᠢᠨᠰᠠᠭ᠎ᠠ ᠲᠠᠢ ᠮᠣᠷᠢ  ᠭᠡᠭᠴᠢ ᠡᠨᠡ ᠪᠣᠢ ! 
      ᠶᠠᠮᠠᠷ ᠮᠤᠨᠳᠠᠭ ᠵᠣᠷᠢᠭ ᠲᠠᠢ ᠵᠠᠯᠠᠭᠤ ᠭᠡᠭᠴᠢ ᠲᠡᠷᠡ ᠪᠣᠢ ! 
      ᠠᠲᠠᠷ ᠲᠠᠯ᠎ᠠ ᠶ᠋ᠢᠨ ᠰᠠᠷᠠᠯ ᠮᠣᠷᠢᠳ ᠤ᠋ᠨ ᠨᠢᠷᠤᠭᠤᠨ ᠳᠡᠭᠡᠷ᠎ᠡ ᠪᠢᠴᠢᠭᠳᠡᠭᠰᠡᠨ ᠠᠩᠬᠠᠨ ᠤ᠋  ᠭᠠᠶ᠋ᠢᠬᠠᠯᠲᠠᠢ ᠦᠯᠢᠭᠡᠷ ᠂ ᠠᠭᠠᠷ ᠲᠡᠭᠷᠢ ᠶ᠋ᠢᠨ 《ᠰᠠᠷᠠᠯ ᠮᠣᠷᠢᠳ 》 ᠤ᠋ᠨ ᠨᠢᠷᠤᠭᠤᠨ ᠳᠡᠭᠡᠷ᠎ᠡ ᠯᠠᠪᠲᠠᠢ ᠵᠠᠯᠭᠠᠵᠤ ᠪᠢᠴᠢᠭᠳᠡᠨ᠎ᠡ ! ᠡᠪᠦᠭᠡ ᠳᠡᠭᠡᠳᠦᠰ ᠦ᠋ᠨ  ᠮᠢᠨᠢ ᠠᠯᠳᠠᠷ ᠬᠥᠷᠥᠰᠥᠲᠦ ᠭᠠᠵᠠᠷ ᠢ᠋ ᠳᠣᠷᠭᠢᠭᠤᠯᠵᠤ ᠶᠠᠪᠤᠵᠤ ᠪᠠᠢᠭᠰᠠᠨ ᠪᠣᠯ ᠂ ᠦᠷᠡᠰ ᠨᠢ ᠪᠢᠳᠡᠨ ᠦ᠌ ᠠᠯᠳᠠᠷ ᠬᠥᠬᠡ ᠲᠡᠭᠷᠢ ᠶ᠋ᠢ ᠳᠣᠷᠭᠢᠭᠤᠯᠵᠤ ᠂ ᠡᠦᠲᠦᠮ ᠨᠢᠭᠡᠲᠡᠨ ᠦ᠌ ᠢᠷᠠᠭᠤ ᠰᠠᠢᠬᠠᠨ ᠨᠡᠷ᠎ᠡ ᠮᠠᠨᠢ ᠂ ᠭᠠᠵᠠᠷ ᠲᠡᠭᠷᠢ ᠶ᠋ᠢ ᠬᠣᠯᠪᠣᠨ ᠬᠠᠷᠢᠯᠴᠠᠨ ᠴᠤᠤᠷᠢᠶ᠎ᠠ ᠠᠪᠤᠯᠴᠠᠬᠤ ᠡᠳᠦᠷ ᠬᠣᠯᠠ ᠦᠭᠡᠢ ᠪᠣᠯᠵᠠᠢ ! ᠬᠤᠷᠤᠭᠤ ᠳᠠᠷᠤᠭᠠᠳ ᠲᠣᠭᠠᠯᠠᠬᠤ ᠯᠠ ᠲᠡᠳᠦᠢ ᠪᠣᠯᠵᠠᠢ ! ᠪᠢᠯᠢᠭ ᠦ᠋ᠨ  ᠰᠠᠷᠠᠯ ᠮᠢᠨᠢ ᠂ ᠪᠢᠳᠡᠨ ᠦ᠌ ᠬᠦᠯᠦᠭ ᠮᠠᠨᠢ ! ᠰᠤᠷ ᠵᠢᠯᠣᠭᠣ ᠶ᠋ᠢ ᠴᠢᠨᠢ ᠨᠣᠮ ᠢ᠋ᠶ᠋ᠠᠷ ᠪᠢᠳᠡ ᠰᠣᠯᠢᠵᠤ ᠪᠠᠶ᠋ᠢᠨ᠎ᠠ ᠂ ᠰᠤᠮᠤᠳᠠᠬᠤ ᠲᠤᠭᠤᠷᠠᠢ ᠶ᠋ᠢ ᠴᠢᠨᠢ ᠮᠣᠲ᠋ᠣᠷ ᠢ᠋ᠶ᠋ᠠᠷ  ᠪᠢᠳᠡ ᠣᠷᠣᠯᠠᠵᠤ ᠪᠠᠶ᠋ᠢᠨ᠎ᠠ ᠂ ᠰᠤᠯᠠᠷᠠᠰᠢ ᠦᠭᠡᠢ ᠳᠠᠭᠠᠭᠠᠮᠠᠭᠠᠢ ᠴᠢᠳᠠᠯ ᠢ᠋ ᠴᠢᠨᠢ ᠮᠠᠰᠢᠨ ᠢ᠋ᠶ᠋ᠠᠷ ᠪᠢᠳᠡ ᠬᠥᠪᠴᠢᠯᠡᠵᠦ ᠪᠠᠢᠨ᠎ᠠ ᠃ 
      ᠪᠢᠯᠢᠭ ᠦ᠋ᠨ ᠰᠠᠷᠠᠯ ᠮᠢᠨᠢ ᠬᠥᠨᠲᠡᠷ ᠠ᠋ ᠂ ᠬᠥᠨᠲᠡᠷ ! 
      ᠪᠢᠲᠠᠷᠢᠶᠠᠨ ᠣᠭᠲᠠᠷᠭᠤᠢ ᠥᠭᠡᠳᠡ ᠳᠡᠭᠦᠯᠢ ᠠ᠋ ᠂ ᠳᠡᠭᠦᠯᠢ !