ᠲᠠᠪᠤᠨ ᠬᠣᠰᠢᠭᠤ ᠮᠠᠯ ᠲᠥᠯ ᠮᠠᠯ- ᠰᠤᠷᠭᠠᠭᠤᠯᠢ ᠶᠢᠨ ᠡᠮᠦᠨᠡᠬᠢ ᠨᠠᠰᠤ ᠬᠡᠦᠬᠡᠳ-Таван хошуу мал _ Төл мал _ Tul mal Сургуулийн өмнөх нас _хүүхэд
ᠲᠠᠪᠤᠨ ᠬᠣᠰᠢᠭᠤ ᠮᠠᠯ ᠲᠥᠯ ᠮᠠᠯ- ᠰᠤᠷᠭᠠᠭᠤᠯᠢ ᠶᠢᠨ ᠡᠮᠦᠨᠡᠬᠢ ᠨᠠᠰᠤ ᠬᠡᠦᠬᠡᠳ
ᠲᠥᠯ ᠮᠠᠯ
ᠲᠥᠯ ᠮᠠᠯ ᠢ᠋ᠶ᠋ᠠᠨ ᠬᠠᠮᠲᠤ ᠳ᠋ᠤ᠌ ᠪᠠᠨ ᠨᠡᠷᠡᠯᠡᠵᠡᠭᠡᠶᠡ!
ᠳᠠᠭᠠᠭᠠᠳ ᠬᠡᠯᠡᠭᠡᠷᠡᠢ!
ᠢᠰᠢᠭᠡ᠂ ᠢᠰᠢᠭᠡᠨ ᠦ᠌ ᠡᠴᠢᠭᠡ ᠮᠠᠯ ᠢ᠋ ᠤᠬᠤᠨ᠎ᠠ᠂ ᠡᠬᠡ ᠮᠠᠯ ᠢ᠋ ᠡᠮ᠎ᠡ ᠢᠮᠠᠭ᠎ᠠ ᠭᠡᠨ᠎ᠡ᠃
ᠬᠤᠷᠠᠭ᠎ᠠ᠂ ᠬᠤᠷᠠᠭᠠᠨ ᠤ᠋ ᠡᠴᠢᠭᠡ ᠮᠠᠯ ᠢ᠋ ᠬᠤᠴᠠ᠂ ᠡᠬᠡ ᠮᠠᠯ ᠢ᠋ ᠡᠮ᠎ᠡ ᠬᠣᠨᠢ ᠭᠡᠨ᠎ᠡ᠃
ᠲᠤᠭᠤᠯ᠂ ᠲᠤᠭᠤᠯ ᠤ᠋ᠨ ᠡᠴᠢᠭᠡ ᠮᠠᠯ ᠢ᠋ ᠪᠤᠬ᠎ᠠ᠂ ᠡᠬᠡ ᠮᠠᠯ ᠢ᠋ ᠦᠨᠢᠶ᠎ᠡ ᠭᠡᠨ᠎ᠡ᠃
ᠤᠨᠠᠭ᠎ᠠ᠂ ᠤᠨᠠᠭᠠᠨ ᠤ᠋ ᠡᠴᠢᠭᠡ ᠮᠠᠯ ᠢ᠋ ᠠᠵᠢᠷᠭ᠎ᠠ᠂ ᠡᠬᠡ ᠮᠠᠯ ᠢ᠋ ᠭᠡᠭᠦᠦ ᠭᠡᠨ᠎ᠡ᠃
ᠪᠣᠲᠣᠭᠣ᠂ ᠪᠣᠲᠣᠭᠣᠨ ᠤ᠋ ᠡᠴᠢᠭᠡ ᠮᠠᠯ ᠢ᠋ ᠪᠤᠤᠷ᠎ᠠ᠂ ᠡᠬᠡ ᠮᠠᠯ ᠢ᠋ ᠢᠩᠭᠡ ᠭᠡᠨ᠎ᠡ᠃
ᠳᠠᠭᠠᠭᠠᠳ ᠬᠡᠯᠡᠭᠡᠷᠡᠢ ᠬᠡᠦᠬᠡᠳ ᠦ᠋ᠳ ᠠ᠋!
ᠬᠤᠷᠠᠭ᠎ᠠ᠂ ᠢᠰᠢᠭᠡ᠂ ᠲᠤᠭᠤᠯ᠂ ᠤᠨᠠᠭ᠎ᠠ᠂ ᠪᠣᠲᠣᠭᠣ
ᠲᠤᠭᠤᠯ᠂ ᠤᠨᠠᠭ᠎ᠠ᠂ ᠪᠣᠲᠣᠭᠣ᠂ ᠬᠤᠷᠠᠭ᠎ᠠ᠂ ᠢᠰᠢᠭᠡ ᠪᠣᠯ ᠲᠥᠯ ᠮᠠᠯ ᠶᠤᠮ᠃
ᠣᠳᠣ ᠪᠡᠶ᠎ᠡ ᠪᠡᠨ ᠳᠠᠭᠠᠭᠠᠨ ᠬᠡᠯᠡᠭᠡᠷᠡᠢ ᠬᠡᠦᠬᠡᠳ ᠦ᠋ᠳ ᠠ᠋!
ᠮᠣᠩᠭᠣᠯᠴᠤᠳ ᠣᠯᠠᠨ ᠮᠢᠩᠭᠠᠨ ᠵᠢᠯ ᠦ᠋ᠨ ᠲᠣᠷᠰᠢ ᠮᠠᠯ ᠠᠵᠤ ᠠᠬᠤᠢ ᠶ᠋ᠢ ᠡᠷᠬᠢᠯᠡᠵᠦ ᠢᠷᠡᠭᠰᠡᠨ ᠲᠡᠦᠬᠡ ᠲᠡᠢ᠃ ᠬᠠᠪᠤᠷ ᠤ᠋ᠨ ᠤᠯᠠᠷᠢᠯ ᠳ᠋ᠤ᠌ ᠮᠠᠯ ᠲᠥᠯᠯᠡᠵᠦ ᠮᠠᠯᠴᠢᠳ ᠰᠢᠨ᠎ᠡ ᠲᠥᠯ ᠢ᠋ᠶ᠋ᠡᠨ ᠠᠪᠬᠤ ᠠᠷᠪᠢᠨ ᠶᠡᠬᠡ ᠠᠵᠢᠯ ᠲᠠᠢ ᠪᠠᠢᠳᠠᠭ ᠶᠤᠮ᠃
ᠮᠠᠯ ᠲᠥᠯᠯᠡᠬᠦ
ᠲᠠᠪᠤᠨ ᠲᠥᠯ
ᠵᠢᠷᠣᠭ᠎ᠠ ᠦᠭᠡ
ᠲᠤᠭᠤᠯ ᠲᠤᠭᠤᠯ ᠲᠣᠭᠯᠠᠨ᠎ᠠ
ᠲᠤᠤᠯᠠ ᠭᠣᠣᠯ ᠳ᠋ᠤ᠌ ᠪᠠᠨ ᠣᠴᠢᠨ᠎ᠠ
ᠤᠨᠠᠭ᠎ᠠ ᠤᠨᠠᠭ᠎ᠠ ᠲᠣᠭᠯᠠᠨ᠎ᠠ
ᠤᠨᠤᠨ ᠭᠣᠣᠯ ᠳ᠋ᠤ᠌ ᠪᠠᠨ ᠣᠴᠢᠨ᠎ᠠ
ᠪᠣᠲᠣᠭᠣ ᠪᠣᠲᠣᠭᠣ ᠲᠣᠭᠯᠠᠨ᠎ᠠ
ᠪᠣᠭᠳᠠ ᠠᠭᠤᠯᠠᠨ ᠳ᠋ᠤ᠌ ᠪᠠᠨ ᠣᠴᠢᠨ᠎ᠠ
ᠬᠤᠷᠠᠭ᠎ᠠ ᠬᠤᠷᠠᠭ᠎ᠠ ᠲᠣᠭᠯᠠᠨ᠎ᠠ
ᠬᠠᠳᠠᠨ ᠳᠡᠭᠡᠭᠦᠷ ᠨᠠᠭᠠᠳᠤᠨ᠎ᠠ
ᠢᠰᠢᠭᠡ ᠢᠰᠢᠭᠡ ᠲᠣᠭᠯᠠᠨ᠎ᠠ
ᠡᠷᠭᠢᠨ ᠳᠡᠭᠡᠭᠦᠷ ᠨᠠᠭᠠᠳᠤᠨ᠎ᠠ
ᠥᠪᠡᠷ ᠢ᠋ ᠪᠡᠨ ᠰᠣᠷᠢᠭᠠᠷᠠᠢ ᠬᠡᠦᠬᠡᠳ ᠦ᠋ᠳ ᠠ᠋!
ᠪᠠᠢᠷᠢᠯᠠᠯ ᠵᠢᠭᠠᠭᠰᠠᠨ ᠦᠭᠡ
ᠬᠠᠮᠢᠭ᠎ᠠ ᠪᠠᠢᠨ᠎ᠠ ᠪᠣᠢ?
ᠢᠰᠢᠭᠡ ᠬᠠᠮᠢᠭ᠎ᠠ ᠨᠢ ᠪᠠᠢᠨ᠎ᠠ ᠪᠣᠢ?
ᠢᠰᠢᠭᠡ ᠢᠮᠠᠭᠠᠨ ᠤ᠋ ᠳᠡᠭᠡᠷ᠎ᠡ ᠪᠠᠢᠨ᠎ᠠ᠃
ᠲᠤᠭᠤᠯ ᠬᠠᠮᠢᠭ᠎ᠠ ᠨᠢ ᠪᠠᠢᠨ᠎ᠠ ᠪᠣᠢ?
ᠲᠤᠭᠤᠯ ᠦᠨᠢᠶᠡᠨ ᠦ᠌ ᠳᠣᠣᠷ᠎ᠠ ᠪᠠᠢᠨ᠎ᠠ ᠪᠣᠢ?
ᠪᠣᠲᠣᠭᠣ ᠬᠠᠮᠢᠭ᠎ᠠ ᠨᠢ ᠪᠠᠢᠨ᠎ᠠ ᠪᠣᠢ?
ᠪᠣᠲᠣᠭᠣ ᠬᠦᠦ ᠶ᠋ᠢᠨ ᠠᠷᠤ ᠳ᠋ᠤ᠌ ᠪᠠᠢᠨ᠎ᠠ᠃
ᠬᠤᠷᠠᠭ᠎ᠠ ᠬᠠᠮᠢᠭ᠎ᠠ ᠨᠢ ᠪᠠᠢᠨ᠎ᠠ ᠪᠣᠢ?
ᠬᠤᠷᠠᠭ᠎ᠠ ᠬᠣᠨᠢᠨ ᠤ᠋ ᠤᠷᠲᠤ ᠨᠢ ᠪᠠᠢᠨ᠎ᠠ᠃
ᠲᠥᠯ ᠮᠠᠯ ᠢ᠋ ᠨᠡᠷᠡᠯᠡᠨ ᠥᠭᠦᠯᠡᠪᠦᠷᠢ ᠵᠣᠬᠢᠶᠠᠭᠠᠷᠠᠢ!
ᠲᠥᠯ ᠮᠠᠯ ᠢ᠋ ᠨᠡᠷᠡᠯᠡᠭᠡᠷᠡᠢ!
ᠦᠨᠢᠶᠡᠨ ᠦ᠌ ᠲᠤᠭᠤᠯ ᠪᠠᠢᠨ᠎ᠠ᠃
ᠬᠣᠨᠢᠨ ᠤ᠋ ᠬᠤᠷᠠᠭ᠎ᠠ ᠪᠠᠢᠨ᠎ᠠ᠃
ᠢᠮᠠᠭᠠᠨ ᠤ᠋ ᠢᠰᠢᠭᠡ ᠪᠠᠢᠨ᠎ᠠ᠃
ᠭᠡᠭᠦᠨ ᠦ᠌ ᠤᠨᠠᠭ᠎ᠠ ᠪᠠᠢᠨ᠎ᠠ᠃
ᠢᠩᠭᠡᠨ ᠦ᠌ ᠪᠣᠲᠣᠭᠣ ᠪᠠᠢᠨ᠎ᠠ᠃
ᠰᠠᠢᠨ ᠪᠠᠢᠨ᠎ᠠ!
ᠲᠥᠯ ᠮᠠᠯ ᠢ᠋ ᠣᠯᠤᠭᠠᠳ ᠲᠣᠭᠠᠯᠠᠭᠠᠷᠠᠢ!
ᠭᠤᠷᠪᠠᠨ ᠢᠰᠢᠭᠡ ᠭᠤᠷᠪᠠᠨ ᠬᠤᠷᠠᠭ᠎ᠠ ᠪᠠᠢᠨ᠎ᠠ᠃
ᠡᠨᠳᠡ ᠬᠡᠳᠦᠨ ᠲᠥᠯ ᠮᠠᠯ ᠪᠠᠢᠨ᠎ᠠ ᠪᠣᠢ?
ᠲᠥᠯ ᠮᠠᠯ ᠲᠠᠪᠤ ᠪᠠᠢᠨ᠎ᠠ᠃
ᠡᠨᠳᠡ ᠬᠡᠳᠦᠨ ᠲᠤᠭᠤᠯ ᠪᠠᠢᠨ᠎ᠠ ᠪᠣᠢ?
ᠳᠥᠷᠪᠡᠨ ᠲᠤᠭᠤᠯ ᠪᠠᠢᠨ᠎ᠠ᠃
ᠰᠠᠢᠨ ᠪᠠᠢᠨ᠎ᠠ!
ᠴᠢ ᠪᠦᠭᠦᠳᠡ ᠶ᠋ᠢ ᠨᠢ ᠴᠢᠳᠠᠯ᠎ᠠ᠃
ᠳᠣᠣᠷᠠᠬᠢ Link ᠳᠠᠷᠤᠭᠠᠳ ᠪᠠᠲᠤᠳᠬᠠᠬᠤ ᠲᠣᠭᠯᠠᠭᠠᠮ ᠤ᠋ᠳ ᠢ᠋ ᠲᠣᠭᠯᠠᠭᠠᠷᠠᠢ!
ᠳᠠᠷᠠᠭ᠎ᠠ ᠶ᠋ᠢᠨ ᠬᠢᠴᠢᠶᠡᠯ ᠢ᠋ᠶ᠋ᠡᠷ ᠢ᠋ᠶ᠋ᠡᠨ ᠠᠭᠤᠯᠵᠠᠵᠠᠭᠠᠶ᠎ᠠ ᠪᠠᠶᠠᠷᠲᠠᠢ!
ᠲᠠᠢᠯᠪᠤᠷᠢ᠄
Link---- ᠬᠡᠯᠬᠢᠶᠡᠰᠦ
ᠦᠰᠦᠭ ᠠᠮᠢᠯᠠᠭᠤᠯᠤᠭᠰᠠᠨ ᠨᠢ᠄
ᠮᠥᠩᠭᠦᠨᠴᠡᠴᠡᠭ
ᠦᠰᠦᠭ ᠬᠠᠲᠠᠭᠰᠠᠨ ᠨᠢ᠄
ᠮᠥᠩᠭᠦᠨᠴᠡᠴᠡᠭ
ᠬᠢᠨᠠᠭᠴᠢ ᠪᠠᠭᠰᠢ᠄
ᠮᠥᠴᠢᠷ
ᠬᠠᠪᠤᠷᠵᠢᠶ᠎ᠠ
ᠢᠷᠡᠭᠡᠳᠦᠢ
ᠪᠠᠶᠠᠷᠴᠡᠴᠡᠭ
