ᠠᠴᠢ ᠶᠢ ᠴᠢᠨᠢ ᠪᠢ ᠮᠠᠷᠲᠠᠬᠤ ᠦᠭᠡᠢ- ᠬᠠᠷᠬᠠᠲᠠᠨ ᠷ ᠂ ᠴᠢᠷᠮᠠᠢᠯᠲᠤАчийг чинь би мартахгүй-хархтан р , чармайлт
ᠠᠴᠢ ᠶᠢ ᠴᠢᠨᠢ ᠪᠢ ᠮᠠᠷᠲᠠᠬᠤ ᠦᠭᠡᠢ
ᠬᠠᠷᠬᠠᠲᠠᠨ ᠷ ᠂ ᠴᠢᠷᠮᠠᠶ᠋ᠢᠯᠲᠤ
ᠥᠪᠡᠷ ᠢ᠋ᠶ᠋ᠡᠨ ᠬᠡᠦᠬᠡᠳ ᠣᠯᠠᠨ ᠴᠤ᠌
ᠥᠷᠥᠭᠡᠯ ᠦ᠋ᠨ ᠦᠷ᠎ᠡ ᠶ᠋ᠢ ᠬᠠᠷᠠᠭᠠᠯᠵᠠᠳᠠᠭ
ᠥᠭᠭᠢᠶᠡᠮᠦᠷ ᠵᠥᠭᠡᠯᠡᠨ ᠰᠡᠳᠬᠢᠯ ᠲᠡᠢ
ᠥᠮᠥᠭ ᠲᠦᠰᠢᠭ ᠪᠣᠯᠤᠭᠰᠠᠨ ᠨᠠᠭ᠎ᠠ ᠮᠥᠮᠥ
ᠮᠢᠨᠢ
ᠦᠨᠡᠨᠴᠢ ᠰᠢᠳᠤᠷᠭᠤ ᠶᠠᠪᠤᠪᠠᠯ
ᠦᠬᠡᠷ ᠲᠡᠷᠭᠡ ᠲᠠᠤᠯᠠᠢ ᠶ᠋ᠢ ᠭᠦᠢᠴᠡᠨ᠎ᠡ ᠭᠡᠵᠦ
ᠥᠴᠦᠬᠡᠨ ᠨᠠᠳᠠ ᠳ᠋ᠤ᠌ ᠪᠠᠨ ᠰᠤᠷᠭᠠᠭᠰᠠᠨ
ᠥᠷᠥᠰᠢᠶᠡᠯ ᠶᠡᠬᠡ ᠲᠡᠢ ᠨᠠᠭ᠎ᠠ ᠮᠥᠮᠥ ᠮᠢᠨᠢ
ᠤᠷᠲᠤ ᠨᠠᠰᠤᠯᠠᠭᠠᠷᠠᠢ
ᠤᠳᠠᠭᠠᠨ ᠵᠢᠷᠭᠠᠭᠠᠷᠠᠢ
ᠠᠴᠢ ᠶ᠋ᠢ ᠴᠢᠨᠢ
ᠪᠢ ᠠᠯᠲᠠ ᠪᠠᠷ ᠬᠠᠷᠢᠭᠤᠯᠠᠵᠤ ᠳᠡᠶ᠋ᠢᠯᠬᠦ ᠦᠭᠡᠢ ᠴᠦ᠍
ᠠᠶᠤᠤᠯᠢᠬᠠᠢ ᠳ᠋ᠤ᠌ ᠪᠠᠨ ᠴᠡᠭᠡᠵᠢᠯᠡᠵᠦ ᠬᠦᠨᠳᠦᠯᠡᠵᠦ ᠶᠠᠪᠤᠨ᠎ᠠ
ᠥᠩᠭᠡᠷᠡᠭᠰᠡᠨ ᠲᠡᠷᠡ ᠡᠳᠦᠷ ᠬᠣᠨᠣᠭ ᠦ᠋ᠳ ᠲᠦ᠍
ᠦᠰᠦ ᠪᠡᠨ ᠲᠣᠭᠠᠯᠠᠵᠤ
ᠪᠦᠰᠡ ᠪᠡᠨ ᠴᠢᠩᠭᠠᠯᠠᠨ
ᠦᠭᠡᠶ᠋ᠢᠭᠦᠦ ᠶᠠᠳᠠᠭᠤ ᠭᠡᠵᠦ
ᠢᠯᠭᠠᠯ ᠦᠭᠡᠢ
ᠥᠰᠬᠡᠵᠦ ᠬᠥᠮᠦᠵᠢᠭᠦᠯᠦᠭᠰᠡᠨ ᠨᠠᠭ᠎ᠠ ᠮᠥᠮᠥ
ᠮᠢᠨᠢ
ᠡᠪᠲᠦ ᠱᠠᠭᠠᠵᠠᠭᠠᠢ ᠪᠤᠭᠤ ᠪᠠᠷᠢᠳᠠᠭ ᠭᠡᠵᠦ
ᠡᠩᠬᠦᠷᠡᠢ ᠨᠠᠳᠠ ᠳ᠋ᠤ᠌ ᠪᠠᠨ ᠰᠤᠷᠭᠠᠭᠰᠠᠨ
ᠡᠨᠡᠬᠡᠨ ᠬᠣᠷᠸ᠋᠎ᠠ ᠶ᠋ᠢᠨ ᠠᠮᠢᠳᠤ ᠪᠤᠷᠬᠠᠨ
ᠡᠵᠢ ᠪᠣᠯᠤᠭᠰᠠᠨ ᠨᠠᠭ᠎ᠠ ᠮᠥᠮᠥ ᠮᠢᠨᠢ
ᠤᠷᠲᠤ ᠨᠠᠰᠤᠯᠠᠭᠠᠷᠠᠢ
ᠤᠳᠠᠭᠠᠨ ᠵᠢᠷᠭᠠᠭᠠᠷᠠᠢ
ᠠᠴᠢ ᠶ᠋ᠢ ᠴᠢᠨᠢ
ᠪᠢ ᠠᠯᠲᠠ ᠪᠠᠷ ᠬᠠᠷᠢᠭᠤᠯᠠᠵᠤ ᠳᠡᠶ᠋ᠢᠯᠬᠦ ᠦᠭᠡᠢ ᠴᠦ᠍
ᠠᠶᠤᠤᠯᠢᠬᠠᠢ ᠳ᠋ᠤ᠌ ᠪᠠᠨ ᠴᠡᠭᠡᠵᠢᠯᠡᠵᠦ ᠬᠦᠨᠳᠦᠯᠡᠵᠦ ᠶᠠᠪᠤᠨ᠎ᠠ
!
ᠦᠰᠦᠭ ᠬᠠᠲᠠᠵᠤ
ᠠᠮᠢᠯᠠᠭᠰᠠᠨ ᠨᠢ᠄ ᠬᠠᠷᠬᠠᠲᠠᠨ ᠷ᠂ ᠴᠢᠷᠮᠠᠶ᠋ᠢᠯᠲᠤ
ᠬᠢᠨᠠᠭᠴᠢ᠄
ᠪᠢᠮᠪᠠ᠂ ᠢᠷᠡᠭᠡᠳᠦᠢ
