5ᠲᠣᠪᠲᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠬᠡᠢ ᠡᠪᠡᠳᠴᠢᠨ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 5ᠲᠣᠪᠲᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠬᠡᠢ ᠡᠪᠡᠳᠴᠢᠨ

5ᠲᠣᠪᠲᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠬᠡᠢ ᠡᠪᠡᠳᠴᠢᠨ

ᠠᠩᠭᠢᠯᠠᠯ:ᠡᠷᠡᠭᠦᠯ ᠡᠩᠬᠡ
2023-06-13

294

ᠬᠡᠢ ᠡᠪᠡᠳᠴᠢᠨ 

ᠰᠠᠶ᠋ᠢᠨ ᠨᠣᠮᠯᠠᠯ ᠤ᠋ᠨ ᠠᠨᠠᠭᠠᠬᠤ ᠳᠠᠯᠠᠢ ᠠ᠋ᠴᠠ 

ᠰᠠᠶ᠋ᠢᠲᠤᠷ ᠯᠦᠩ ※ ᠲᠤᠵᠢᠷᠠᠭᠰᠠᠨ ※ ᠱ᠌ᠢᠷᠦ ᠶ᠋ᠢᠨ ᠡᠷᠢᠭᠡ ᠶ᠋ᠢ 

ᠰᠠᠶ᠋ᠢᠬᠠᠨ ᠤᠪᠠᠳᠢᠰ ᠢ᠋ᠶ᠋ᠠᠷ ᠴᠢᠮᠡᠭᠯᠡᠭᠰᠡᠨ 

ᠰᠠᠶ᠋ᠢᠨ ᠵᠣᠬᠢᠶᠠᠯᠲᠠᠨ ᠤ᠋ ᠬᠦᠵᠦᠭᠦᠨ ᠴᠢᠮᠡᠭ ᠣᠷᠣᠰᠢᠪᠠᠢ᠃ 


ᠦᠵᠡᠯ ᠪᠤᠷᠤᠭᠤ ᠰᠦᠰᠦᠭ ᠦᠭᠡᠢ ᠨᠤᠭᠦᠳ ᠲᠣᠷ 

ᠭᠤᠷᠪᠠᠨ ᠴᠤᠬᠠᠭ ᠳᠡᠭᠡᠳᠦᠰ ※ ᠦ᠋ᠨ ᠬᠤᠷᠢᠶᠠᠩᠭᠤᠢ ᠸᠴᠢᠷᠲᠠᠷ᠎ᠠ ※ 

ᠭᠤᠷᠪᠠᠨ ᠶᠢᠷᠲᠢᠨᠴᠦ ※ ᠶ᠋ᠢ ᠡᠷᠬᠡᠰᠢᠭᠰᠡᠨ ᠨᠢᠭᠤᠴᠠ ᠪᠢᠰᠮᠠᠨ ᠲᠩᠷᠢ ※ 

ᠭᠤᠷᠪᠠᠨ ᠴᠠᠭ ※ ᠊ᠢ ᠠᠶ᠋ᠢᠯᠠᠲᠤᠬᠴᠢ ᠪᠢᠯᠢᠭ ᠲᠡᠭᠦᠰ ᠣᠲᠠᠴᠢ 

ᠭᠤᠷᠪᠠᠨ ᠲᠠᠨ᠎ᠠ ※ ᠢᠯᠭᠠᠯ ᠦᠭᠡᠢ ᠥᠯᠮᠡᠢ ᠶ᠋ᠢᠨ ᠰᠢᠳᠡᠷ᠎ᠡ ᠰᠥᠭᠥᠳᠦᠮᠦᠢ᠃ 


ᠠᠯᠢᠮᠠᠳ ※ ᠤ᠋ᠨ ᠨᠢᠭᠤᠴᠠ ᠭᠤᠷᠪᠠᠨ ᠯᠢᠩᠬᠤ᠎ᠠ ※ ᠶ᠋ᠢᠨ ᠭᠡᠰᠡᠷ ᠡᠴᠡ 

ᠠᠷᠢᠭᠤᠨ ᠰᠠᠢᠬᠠᠨ ᠣᠨᠳᠣᠷᠤᠭᠰᠠᠨ ᠷᠠᠰᠢᠶᠠᠨ ᠤ᠋ ᠤᠱᠠᠲᠠ ※ ᠶ᠋ᠢ 

ᠠᠯᠢ ᠣᠨᠴᠠ ᠬᠤᠪᠢ ᠲᠡᠭᠦᠰ ᠴᠡᠩᠭᠡᠯ ᠴᠣᠭᠲᠤ ᠵᠥᠭᠡᠢ ᠪᠡᠷ 

ᠠᠶ᠎ᠠ! ᠪᠦᠷᠢᠨ ᠬᠦᠷᠲᠡᠬᠦᠶ᠎ᠡ ᠰᠢᠳᠢ ※ ᠶ᠋ᠢ ᠥᠭᠭᠦᠨ ᠰᠣᠶᠣᠷᠬ᠎ᠠ᠃ 


ᠡᠷᠬᠢᠮ ᠨᠠᠨᠳᠢᠨ ᠤᠪᠠᠳᠢᠰ ᠳᠠᠯᠠᠢ ᠮᠡᠲᠦ ᠪᠣᠯᠪᠠᠴᠤ

ᠡᠪᠯᠡᠭᠦᠯᠦᠨ ᠲᠡᠮᠳᠡᠭᠯᠡᠭᠰᠡᠨ ᠨᠢᠭᠡᠨ ᠳᠤᠰᠤᠯ ᠲᠡᠲᠦᠶ᠋ᠢᠬᠡᠨ

ᠡᠨᠡᠷᠢᠯᠲᠦ ᠰᠠᠬᠢᠭᠤᠯᠰᠤᠨ ᠲᠠᠩᠭᠠᠷᠢᠭᠲᠤ ᠪᠦᠬᠦᠨ ᠢ᠋ᠶ᠋ᠡᠷ

ᠡᠭᠦᠷᠢᠳᠡ ᠡᠨᠡᠷᠢᠩᠭᠦᠢ ᠵᠥᠪᠰᠢᠶᠡᠷᠡᠵᠦ ᠳᠡᠳᠬᠦᠭᠳᠦᠨ᠃


ᠨᠢᠭᠡ᠂ ᠬᠡᠢ ᠡᠪᠡᠳᠴᠢᠨ


ᠬᠡᠢ ᠪᠣᠯ ᠡᠪᠡᠳᠴᠢᠨ ᠊ᠢ ᠬᠢᠮᠤᠷᠠᠭᠤᠯᠬᠤ ᠶ᠋ᠢᠨ ᠰᠢᠯᠲᠠᠭᠠᠨ᠂ ᠡᠬᠢ ᠶ᠋ᠢ ᠤᠳᠤᠷᠢᠳᠬᠤ᠂ ᠰᠡᠭᠦᠯ ᠊ᠢ ᠬᠤᠷᠢᠶᠠᠬᠤ ᠪᠠ ᠲᠦᠭᠡᠭᠡᠨ ᠦᠢᠯᠡᠳᠦᠮᠦᠢ᠃


ᠲᠡᠭᠦᠨ ᠳ᠋ᠦ᠍ ᠤᠤᠭᠤᠯᠭᠠᠬᠤ ᠡᠮ


ᠠᠭᠠᠷᠤ —35᠄ ᠭᠤᠷᠪᠠᠨ ᠵᠦᠢᠯ ᠦ᠋ᠨ ᠠᠭᠠᠷᠤ᠂ ᠽᠠᠳᠢ᠂ ᠬᠣᠶᠠᠷ ᠵᠦᠢᠯ ᠦ᠋ᠨ ᠽᠠᠨᠳᠠᠨ᠂ ᠯᠢᠰᠢ᠂ ᠵᠤᠭᠠᠩ᠂ ᠭᠦᠷᠭᠦᠮ᠂ ᠰᠦᠭᠮᠸᠯ᠂ ᠭᠠᠭᠤᠯᠠ᠂ ᠠᠵᠠᠬᠰᠸᠷᠵᠤᠮ᠂ ᠰᠸᠷ ᠣᠨ᠂ ᠮᠢᠩᠵᠡᠨ᠂ ᠭᠣᠣᠵᠢᠯᠠ᠂ ᠳ᠋ᠢᠭᠳᠡ᠂ ᠱᠠᠴᠢᠨ᠂ ᠽᠢᠮᠪᠡ ᠂ ᠪᠠᠱᠠᠭ᠎ᠠ᠂ ᠵᠢᠭᠠᠷ᠂ ᠬᠥᠬᠥᠯ᠂ ᠨᠠᠭᠠᠭᠡᠰᠸᠷ᠂ ᠮᠠᠨᠤ᠂ ᠭᠠᠵᠠ᠂ ᠯᠢᠳᠡᠷᠢ᠂ ᠭᠤᠷᠪᠠᠨ ᠦᠷ᠎ᠡ᠂ ᠭᠠᠨᠳᠠᠭᠠᠷᠢ᠂ ᠬᠤᠩᠯᠸᠨ᠂ ᠰᠸᠪᠤᠢ᠍ᠷᠦ᠂ ᠨᠢᠩᠱᠤᠱᠠ᠂ ᠪᠣᠶ᠋ᠢᠭᠠᠷ᠂ ᠷᠦᠳᠠ᠂ ᠴᠠᠭᠠᠨ ᠰᠣᠷᠣᠯᠣ ᠵᠡᠷᠭᠡ ᠶ᠋ᠢ ᠬᠤᠪᠢ ᠲᠠᠭᠰᠢ ᠨᠠᠶ᠋ᠢᠷᠠᠭᠤᠯᠤᠬᠰᠠᠨ ᠠᠭᠠᠷᠤ —35 ᠪᠠᠷ ᠨᠢᠶᠠᠨ᠂ ᠬᠠᠯᠠᠭᠤᠨ᠂ ᠬᠡᠢ ᠭᠤᠷᠪᠠ ᠬᠠᠷᠰᠢᠯᠳᠤᠭᠰᠠᠨ ᠬᠢᠭᠡᠳ ᠠᠭᠤᠯᠠ ᠲᠠᠯ᠎ᠠ ᠶ᠋ᠢᠨ ᠵᠠᠪᠰᠠᠷ᠂ ᠠᠭᠤᠰᠬᠢ ᠬᠠᠲᠠᠬᠤ᠂ ᠳᠠᠭᠱᠠᠵᠤ ᠬᠠᠨᠢᠶᠠᠬᠤ᠂ ᠠᠭᠤᠰᠬᠢ ᠪᠦᠷᠬᠦᠬᠦ᠂ ᠬᠡᠷᠦᠬᠦ᠂ ᠢᠮ ᠬᠠᠪᠤᠳᠬᠤ ᠬᠢᠭᠡᠳ ᠵᠢᠷᠦᠬᠡᠨ ᠬᠡᠢ ᠬᠠᠯᠠᠭᠤᠨ ᠬᠠᠪᠰᠤᠷᠤᠯᠳᠤᠭᠰᠠᠨ ᠳ᠋ᠤ᠌ ᠰᠠᠶ᠋ᠢᠰᠢᠶᠠᠬᠰᠠᠨ ᠪᠥᠭᠡᠳ ᠡᠮ ᠪᠤᠷᠤᠭᠤᠳᠠᠬᠤ ᠶ᠋ᠢᠨ ᠭᠡᠮ ᠭᠠᠷᠬᠤ ᠦᠭᠡᠢ ᠶᠦ᠍ᠮ᠃ ᠲᠡᠶ᠋ᠢᠮᠦ ᠡᠴᠡ ᠦᠯᠦ ᠲᠠᠨᠢᠭᠳᠠᠬᠤ ᠴᠡᠭᠡᠵᠢᠨ ᠠᠭᠰᠠᠭ᠎ᠠ ᠨᠤᠭᠤᠳ ᠲᠤ᠌ ᠭᠡᠮ ᠦᠭᠡᠢ ᠲᠤᠰᠠᠯᠠᠬᠤ ᠭᠡᠮᠡᠨ ᠨᠣᠮᠯᠠᠭᠰᠠᠨ ᠶᠤᠮ᠃ ᠡᠰᠡᠬᠦᠯ᠎ᠡ ᠷᠦᠳᠠ᠂ ᠠᠵᠠᠬᠰᠸᠷᠵᠤᠮ᠂ ᠬᠤᠩᠯᠸᠨ ᠭᠤᠷᠪᠠ ᠶ᠋ᠢ ᠬᠤᠪᠢ ᠳᠠᠭᠱᠠ ᠨᠠᠶ᠋ᠢᠷᠠᠭᠤᠯᠤᠬᠰᠠᠨ ᠷᠠᠰᠢᠶᠠᠨ ᠭᠤᠷᠪᠠᠨ ᠨᠠᠶ᠋ᠢᠷᠠᠯᠭ᠎ᠠ ᠪᠠᠷ ᠴᠢᠰᠤᠨ ᠤ᠋ ᠬᠤᠪᠢ ᠶᠡᠬᠡ ᠴᠡᠭᠡᠵᠢᠨ ᠠᠭᠰᠠᠭ᠎ᠠ ᠶ᠋ᠢ ᠠᠷᠢᠯᠭᠠᠮᠤᠢ᠃

ᠪᠠᠰᠠ ᠠᠭᠠᠷᠤ᠂ ᠽᠠᠳᠢ᠂ ᠨᠢᠩᠱᠤᠱᠠ᠂ ᠰᠦᠭᠮᠸᠯ ᠢ᠋ᠶ᠋ᠡᠷ ᠨᠠᠶ᠋ᠢᠷᠠᠭᠤᠯᠤᠬᠰᠠᠨ ᠠᠭᠠᠷᠤ —4 ᠪᠡᠷ ᠭᠣᠣᠯ ᠤ᠋ᠨ ᠬᠡᠢ ᠶ᠋ᠢ ᠠᠷᠢᠯᠭᠠᠨ᠎ᠠ᠃ ᠷᠦᠳᠠ᠂ ᠺᠠᠷᠤᠼᠤᠸᠡ ᠶ᠋ᠢ ᠨᠡᠮᠡᠭᠰᠡᠨ ᠵᠢᠷᠭᠤᠭ᠎ᠠ ᠪᠠᠷ ᠲᠦᠭᠡᠭᠡᠨ ᠦᠢᠯᠡᠳᠦᠭᠴᠢ᠂ ᠤᠷᠤᠭᠤ ᠠᠷᠢᠯᠭᠠᠭᠴᠢ ᠬᠡᠢ ᠤᠷᠪᠠᠭᠰᠠᠨ ᠴᠡᠭᠡᠵᠢᠨ ᠠᠭᠰᠠᠭ᠎ᠠ ᠶ᠋ᠢ ᠠᠷᠢᠯᠭᠠᠨ᠎ᠠ᠃ ᠰᠢᠩᠭᠦᠨ᠂ ᠵᠠᠮᠽᠠ ᠨᠡᠮᠡᠭᠰᠡᠨ ᠨᠠᠢ᠍ᠮᠠ ᠪᠠᠷ ᠭᠠᠯ ᠤ᠋ᠨ ᠢᠯᠴᠢ ᠪᠠᠭᠤᠷᠠᠵᠤ ᠪᠤᠷᠤᠭᠤᠳᠠᠭᠰᠠᠨ ᠢ᠋ᠶ᠋ᠠᠷ ᠬᠥᠭᠡᠭᠡᠬᠦ ᠬᠢᠭᠡᠳ ᠬᠦᠢᠲᠡᠨ ᠊ᠢ ᠠᠷᠢᠯᠭᠠᠨ᠎ᠠ᠃ ᠰᠢᠩᠭᠦᠨ ᠊ᠢ ᠡᠷᠬᠢᠮᠯᠡᠭᠰᠡᠨ ᠰᠣᠷᠣᠬᠽᠠᠨ —25 ᠪᠠᠷ ᠭᠠᠳᠠᠷ ᠤ᠋ᠨ ᠬᠡᠢ ᠶ᠋ᠢ ᠠᠷᠢᠯᠭᠠᠬᠤ᠂ ᠱᠠᠴᠢᠨ ᠊ᠢ ᠡᠷᠬᠢᠮᠯᠡᠭᠰᠡᠨ ᠢ᠋ᠶ᠋ᠡᠷ ᠳᠣᠲᠣᠷ ᠬᠡᠢ ᠶ᠋ᠢ ᠠᠷᠢᠯᠭᠠᠬᠤ ᠬᠢᠭᠡᠳ ᠯᠢᠰᠢ ᠶ᠋ᠢ ᠡᠷᠬᠢᠮᠯᠡᠪᠡᠰᠦ ᠨᠢᠭᠤᠴᠠ ᠬᠡᠢ ᠶ᠋ᠢ ᠠᠷᠢᠯᠭᠠᠬᠤ ᠭᠡᠮᠡᠨ ᠨᠣᠮᠯᠠᠪᠠ᠃ ᠳᠥᠷᠪᠡᠨ ᠭᠠᠷᠭᠠᠯᠲᠠ ᠶ᠋ᠢᠨ ᠬᠥᠯᠭᠡ ᠪᠡᠷ ᠬᠥᠯᠭᠡᠯᠡᠭᠦᠯᠦᠨ ᠦᠷ ᠴᠠᠶ᠋ᠢᠬᠤ ᠪᠠ ᠦᠳᠡᠰᠢ ᠶ᠋ᠢᠨ ᠴᠠᠭ ᠲᠤ᠌ ᠥᠭᠪᠡᠰᠦ ᠮᠢᠬ᠎ᠠ᠂ ᠠᠷᠠᠰᠤ᠂ ᠰᠤᠳᠠᠯ᠂ ᠶᠠᠰᠤ᠂ ᠲᠠᠪᠤᠨ ᠴᠤᠯᠤ᠂ ᠵᠢᠷᠭᠤᠭᠠᠨ ᠰᠠᠪᠠ ᠬᠢᠭᠡᠳ ᠠᠮᠢ ᠪᠠᠷᠢᠭᠴᠢ ᠲᠡᠷᠢᠭᠦᠲᠡᠨ᠂ ᠭᠠᠳᠠᠷ᠂ ᠳᠣᠲᠣᠷ᠂ ᠨᠢᠭᠤᠴᠠ ᠶ᠋ᠢᠨ ᠬᠡᠢ᠂ ᠴᠡᠭᠡᠵᠢ᠂ ᠪᠥᠭᠰᠡ᠂ ᠳᠤᠮᠳᠠ ᠳ᠋ᠤ᠌ ᠬᠢᠮᠤᠷᠠᠭᠰᠠᠨ ᠬᠡᠢ ᠲᠡᠷᠢᠭᠦᠲᠡᠨ᠂ ᠬᠡᠢ ᠶ᠋ᠢᠨ ᠠᠶ᠋ᠢᠮᠠᠭ ᠊ᠢ ᠮᠠᠭᠠᠳ ᠳᠠᠷᠤᠭᠴᠢ ᠡᠮ ᠦ᠋ᠨ ᠨᠠᠶ᠋ᠢᠷᠠᠯᠭ᠎ᠠ ᠮᠥᠨ ᠪᠣᠯᠠᠢ᠃ ᠰᠢᠩᠭᠦᠨ᠂ ᠭᠠᠵᠠ᠂ ᠺᠠᠷᠤᠼᠤᠸᠡ ᠭᠤᠷᠪᠠ ᠶ᠋ᠢ ᠬᠣᠨᠢᠨ ᠲᠣᠯᠣᠭᠠᠢ ᠶ᠋ᠢ ᠰᠢᠷᠭᠢᠭᠡᠭᠰᠡᠨ ᠱᠥᠯᠥ ᠪᠡᠷ ᠳᠠᠷᠤᠭᠤᠯᠪᠠᠰᠤ ᠲᠣᠯᠣᠭᠠᠢ ᠶ᠋ᠢᠨ ᠬᠡᠢ ᠶ᠋ᠢ ᠠᠷᠢᠯᠭᠠᠨ᠎ᠠ᠃ ᠰᠢᠩᠭᠦᠨ᠂ ᠳ᠋ᠠᠩᠭᠦᠨ ᠠᠷᠨᠠᠭ᠂ ᠽᠠᠳᠢ᠂ ᠷᠦᠳᠠ᠂ ᠯᠢᠰᠢ᠂ ᠭᠤᠨᠢᠶᠣᠳ᠂ ᠬᠥᠬᠥᠯ ᠦ᠋ᠳ ᠊ᠢ ᠬᠣᠨᠢᠨ ᠲᠠᠷᠢᠬᠢᠨ ᠳ᠋ᠤ᠌ ᠵᠢᠭᠤᠷᠠᠭᠰᠠᠨ ᠮᠥᠬᠥᠯᠢᠭ ᠊ᠢ ᠠᠷᠢᠬᠢ ᠪᠠᠷ ᠳᠠᠷᠤᠭᠤᠯᠤᠨ ᠥᠭᠪᠡᠰᠦ ᠲᠣᠯᠣᠭᠠᠢ ᠶ᠋ᠢᠨ ᠬᠡᠢ ᠡᠪᠡᠳᠴᠢᠨ ᠊ᠢ ᠬᠣᠴᠣᠷᠤᠯ ᠦᠭᠡᠢ ᠠᠷᠢᠯᠭᠠᠨ ᠦᠢᠯᠡᠳᠦᠮᠦᠢ᠃ ᠢᠯᠠᠩᠭᠤᠶ᠎ᠠ ᠲᠣᠯᠣᠭᠠᠢ ᠶ᠋ᠢᠨ ᠬᠡᠢ ᠶ᠋ᠢ ᠵᠠᠰᠠᠬᠤ ᠳ᠋ᠤ᠌ ᠰᠢᠩᠭᠦᠨ᠂ ᠭᠠ᠂ ᠵᠠᠮᠽᠠ᠂ ᠽᠠᠳᠢ᠂ ᠬᠥᠬᠥᠯ ᠲᠠᠪᠤ ᠶ᠋ᠢ ᠶᠠᠰᠤᠨ ᠤ᠋ ᠱᠥᠯᠥ ᠪᠡᠷ ᠳᠠᠷᠤᠭᠤᠯᠤᠨ ᠥᠭᠪᠡᠰᠦ ᠲᠣᠯᠣᠭᠠᠢ ᠶ᠋ᠢᠨ ᠬᠡᠢ ᠳᠠᠷᠤᠢ ᠡᠳᠡᠭᠡᠷᠡᠨ᠎ᠡ᠃ ᠲᠣᠯᠣᠭᠠᠢ ᠳ᠋ᠤ᠌ ᠬᠡᠢ ᠰᠢᠷ᠎ᠠ ᠬᠠᠪᠰᠤᠷᠪᠠᠰᠤ ᠮᠠᠨᠤ —4 ᠦ᠌ ᠳᠠᠩ ᠤ᠋ᠨ ᠳᠡᠭᠡᠷ᠎ᠡ ᠰᠸᠷᠵᠢᠮᠸᠲᠤᠬ᠂ ᠰᠸᠪᠢᠮᠸᠲᠤᠬ᠂ ᠠᠷᠤᠷ᠎ᠠ᠂ ᠯᠤᠤ ᠶ᠋ᠢᠨ ᠶᠠᠰᠤ᠂ ᠬᠥᠮᠦᠨ ᠦ᠌ ᠭᠠᠪᠠᠯᠠ᠂ ᠡᠨᠡᠳᠬᠡᠭ ᠳ᠋ᠢᠭᠳᠡ ᠶ᠋ᠢ ᠨᠡᠮᠡᠵᠦ ᠥᠭᠪᠡᠰᠦ ᠠᠷᠢᠯᠭᠠᠮᠤᠢ᠃ ᠭᠣᠨᠢᠶᠣᠳ᠂ ᠺᠠᠷᠤᠼᠤᠸᠡ᠂ ᠭᠠᠵᠠ ᠭᠤᠷᠪᠠ ᠶ᠋ᠢᠨ ᠳᠠᠩ ᠊ᠢ ᠥᠭᠪᠡᠰᠦ ᠵᠢᠷᠦᠬᠡᠨ ᠬᠡᠢ ᠡᠪᠡᠳᠴᠢᠨ ᠳ᠋ᠦ᠍ ᠮᠠᠰᠢ ᠲᠤᠰᠠᠲᠠᠢ᠃ ᠥᠨᠥᠴᠢᠨ ᠰᠠᠷᠢᠮᠰᠠᠭ ᠊ᠢ ᠤᠯᠠᠭᠴᠢ ᠦᠨᠢᠶᠡᠨ ᠦ᠌ ᠰᠦᠨ ᠳ᠋ᠦ᠍ ᠰᠢᠩᠭᠡᠭᠡᠨ ᠴᠢᠨᠠᠵᠤ᠂ ᠬᠣᠷᠢᠨ ᠨᠢᠭᠡ ᠬᠣᠨᠣᠭ ᠰᠢᠲᠦᠪᠡᠰᠦ ᠬᠡᠢ ᠡᠪᠡᠳᠴᠢᠨ ᠬᠡᠳᠦᠢ ᠪᠣᠢ ᠪᠣᠯᠪᠠᠴᠤ ᠣᠨᠴᠠ ᠶᠡᠷᠦᠨᠳᠡᠭ ᠮᠥᠨ ᠪᠣᠯᠠᠢ᠃ ᠨᠢᠭᠲᠠ ᠮᠡᠳᠡᠬᠦ ᠶ᠋ᠢ ᠬᠦᠰᠡᠪᠡᠰᠦ ᠭᠣᠣᠯ ᠶᠡᠬᠡ ᠰᠤᠳᠤᠷ ᠦ᠋ᠳ ᠊ᠢ ᠦᠵᠡᠭᠡᠷᠡᠢ᠃


   ᠦᠰᠦᠭ ᠠᠮᠢᠯᠠᠭᠤᠯᠤᠭᠰᠠᠨ ᠨᠢ᠄ ᠦᠯᠵᠡᠶ᠋ᠢᠪᠠᠭᠠᠲᠤᠷ

   ᠬᠢᠨᠠᠭᠰᠠᠨ ᠨᠢ᠄ ᠣᠤᠠᠬᠠᠨᠰᠣ᠎ᠠ